Title |
《ᠶᠡᠷᠦᠩᠬᠡᠢ ᠶᠢᠨ ᠰᠢᠳᠦᠬᠡᠨ ᠨᠠᠢᠮᠠᠨ ᠴᠠᠭᠠᠨ ᠬᠡᠷ》᠋ ᠤᠨ ᠰᠢᠳᠦᠬᠡᠨ |
Creator |
ᠲᠤᠯᠤᠭᠠᠳ᠂ ᠬᠠ᠂ ᠪᠠᠶᠠᠷ |
Keyword |
ᠶᠡᠷᠦᠩᠬᠡᠢ ᠰᠢᠳᠦᠬᠡᠨ; ᠨᠠᠢᠮᠠᠨ ᠴᠠᠭᠠᠨ ᠬᠡᠷ; ᠴᠢᠩᠬᠢᠰ ᠬᠠᠭᠠᠨ ᠦ ᠨᠡᠢᠰᠯᠠᠯ᠋; 《ᠳᠡᠯᠡᠬᠡᠢ ᠶᠢᠨ ᠮᠣᠩᠭᠣᠯ ᠬᠠᠭᠠᠨᠳᠤ ᠤᠯᠤᠰ》 |
Abstract |
ᠮᠣᠩᠭᠣᠯ ᠬᠠᠭᠠᠨᠳᠤ ᠤᠯᠤᠰ ᠤᠨ ᠠᠩᠬᠠᠨ ᠦ ᠬᠠᠭᠠᠨ — ᠴᠢᠩᠬᠢᠰ ᠬᠠᠭᠠᠨ ᠳᠤ ᠨᠠᠢᠰᠯᠠᠯ ᠪᠠᠢ᠌ᠭᠰᠠᠨ ᠡᠰᠡᠬᠦ ᠲᠤᠬᠠᠢ ᠠᠰᠠᠭᠤᠳᠠᠯ ᠪᠠ ᠮᠣᠩᠭᠣᠯ ᠬᠠᠭᠠᠨᠳᠤ ᠤᠯᠤᠰ ᠤᠨ 《ᠶᠡᠷᠦᠩᠬᠡᠢ ᠶᠢᠨ ᠰᠢᠳᠦᠬᠡᠨ ᠨᠠᠢᠮᠠᠨ ᠴᠠᠭᠠᠨ ᠬᠡᠷ》ᠵᠢᠴᠢ 《ᠳᠡᠯᠡᠬᠡᠢ ᠶᠢᠨ ᠮᠣᠩᠭᠣᠯ ᠬᠠᠭᠠᠨᠳᠤ ᠤᠯᠤᠰ》᠋ ᠤᠨ 《ᠶᠡᠷᠦᠩᠬᠡᠢ ᠶᠢᠨ ᠰᠢᠳᠦᠬᠡᠨ ᠨᠠᠢᠮᠠᠨ ᠴᠠᠭᠠᠨ ᠬᠡᠷ》᠋ ᠤᠨ ᠪᠠᠢ᠌ᠭᠤᠯᠤᠭᠰᠠᠨ ᠭᠠᠵᠠᠷ ᠤᠷᠤᠨ᠂ ᠴᠠᠭ ᠬᠤᠭᠤᠴᠠᠭ᠎ᠠ᠂ ᠰᠢᠳᠦᠬᠡᠨ ᠡᠵᠡᠳ᠂ ᠲᠠᠭᠢᠯᠭ᠋ ᠠ ᠶᠢᠨ ᠡᠷᠬᠢᠯᠡᠭᠴᠢ᠁ ᠬᠡᠭᠦ ᠵᠡᠷᠬᠡ ᠠᠰᠠᠭᠤᠳᠠᠯ ᠢ ᠤᠯᠠᠨ ᠡᠷᠳᠡᠮᠳᠡᠳ ᠤᠳᠠᠭᠠᠨ ᠵᠢᠯ ᠮᠡᠷᠭᠤᠯᠳᠤᠭᠰᠠᠭᠠᠷ ᠢᠷᠡᠭᠰᠡᠨ ᠪᠤᠯᠪᠠᠴᠣ ᠰᠠᠨᠠᠯ ᠵᠦᠷᠢᠶᠡᠨ ᠲᠠᠢ ᠪᠠᠢᠭᠰᠠᠭᠠᠷ ᠪᠢᠯᠡ᠃ ᠪᠢᠳᠡ ᠡᠷᠳᠡᠮᠳᠡᠳ ᠤᠨ ᠰᠠᠨᠠᠯ ᠢ ᠬᠤᠷᠢᠶᠠᠩᠭ᠋ᠤᠢ᠌ᠯᠠᠵᠤ ᠰᠢᠯᠵᠢᠯᠡᠭᠰᠡᠨ ᠰᠠᠭᠤᠷᠢᠨ ᠳᠡᠭᠡᠷ ᠡ ᠫᠢᠯᠢᠦ᠂F᠂W᠂ ᠬᠦᠷᠢᠪᠦᠰ᠂ ᠺᠢᠰᠠᠢᠷᠸᠦᠹ ᠨᠠᠷ ᠤᠨ ᠦᠵᠢᠯᠳᠡ ᠶᠢ ᠵᠦᠪᠰᠢᠶᠡᠷᠡᠵᠦ ᠪᠤᠢ ᠪᠦᠬᠡᠳ ᠳᠡᠷᠡ ᠨᠢ 《ᠶᠡᠷᠦᠩᠬᠡᠢ ᠶᠢᠨ ᠰᠢᠳᠦᠬᠡᠨ ᠨᠠᠢᠮᠠᠨ ᠴᠠᠭᠠᠨ ᠬᠡᠷ》᠋ ᠲᠤᠳᠤᠷᠬᠠᠢᠯᠠᠬᠤ ᠳᠤ ᠳᠡᠦᠬᠡ ᠶᠢᠨ ᠦᠰᠦᠭ ᠪᠢᠴᠢᠭ᠌ ᠤᠨ ᠪᠠ ᠪᠤᠳᠠᠰ ᠤᠨ ᠬᠡᠷᠡᠴᠢ ᠶᠢ ᠬᠠᠩᠭᠠᠵᠤ ᠦᠭᠴᠦ ᠪᠠᠢ᠌ᠭ᠎ᠠ ᠶᠤᠮ᠃ ᠮᠠᠨ ᠦ ᠰᠤᠳᠤᠯᠤᠭᠰᠠᠨ ᠶᠢᠨᠷ ᠂ ᠴᠢᠩᠬᠢᠰ ᠬᠠᠭᠠᠨ ᠦ ᠨᠡᠢᠰᠯᠠᠯ ᠨᠢ ᠬᠠᠷᠠᠬᠤᠷᠦᠮ ᠳᠤ ᠪᠠᠢ᠌ᠵᠤ ᠪᠠᠢᠭᠰᠠᠨ ᠪᠦᠬᠡᠳ ᠮᠣᠩᠭᠣᠯ ᠬᠠᠭᠠᠨᠳᠤ ᠤᠯᠤᠰ ᠤᠨ 《ᠶᠡᠷᠦᠩᠬᠡᠢ ᠶᠢᠨ ᠰᠢᠳᠦᠬᠡᠨ ᠨᠠᠢᠮᠠᠨ ᠴᠠᠭᠠᠨ ᠬᠡᠷ》᠋ ᠤᠨ ᠰᠢᠳᠦᠬᠡᠨ ᠳᠤ ᠡᠨᠳᠡ ᠲᠤᠬᠢᠭᠳᠠᠵᠤ ᠪᠠᠢ᠌ᠭᠰᠠᠨ ᠪᠠᠢ᠌ᠨ᠎ᠠ᠃《ᠶᠡᠷᠦᠩᠬᠡᠢ ᠶᠢᠨ ᠰᠢᠳᠦᠬᠡᠨ ᠨᠠᠢᠮᠠᠨ ᠴᠠᠭᠠᠨ ᠬᠡᠷ》᠋ ᠲᠤ ᠴᠢᠩᠾᠢᠰ ᠬᠠᠭᠠᠨ ᠦ ᠭᠦᠷᠦᠭ ᠪᠠ ᠪᠤᠰᠤᠳ ᠳᠡᠬᠡᠳᠦᠰ ᠤᠨ ᠬᠦᠷᠦᠭ ᠵᠢᠴᠢ ᠳᠡᠭᠡᠳᠦᠰ ᠤᠨᠦᠶ ᠡ ᠤᠯᠠᠮᠵᠢᠯᠠᠯ ᠤᠨ ᠳᠡᠪᠳᠡᠷ ᠢ ᠲᠤᠯᠤᠢ ᠪᠡᠷ ᠲᠤᠯᠤᠭᠠᠢᠯᠠᠭᠰᠠᠨ ᠴᠢᠩᠾᠢᠰ ᠬᠠᠭᠠᠨ ᠦ ᠬᠦᠬᠡᠳ᠂ ᠳᠡᠭᠦᠦ ᠨᠠᠷ᠂ ᠪᠤᠭᠤᠷᠴᠢ ᠨᠤᠶᠠᠨ ᠦ ᠡᠷᠭᠢᠯᠡᠬᠡ ᠪᠡᠷ ᠲᠤᠬᠢᠵᠤ ᠪᠠᠢ᠌ᠭᠰᠠᠨ ᠪᠦᠬᠡᠳ ᠬᠤᠯᠠ ᠰᠡᠭᠦᠯ ᠤᠨ ᠦᠶ ᠡ ᠳᠤ 《ᠶᠡᠷᠦᠩᠬᠡᠢ ᠶᠢᠨ ᠰᠢᠳᠦᠬᠡᠨ ᠨᠠᠢᠮᠠᠨ ᠴᠠᠭᠠᠨ ᠬᠡᠷ》ᠨᠢ 《ᠲᠠᠢᠵᠢ ᠨᠠᠷ ᠤᠨ ᠳᠡᠬᠢᠯᠭ᠎ᠠ》ᠬᠡᠮᠡᠭᠳᠡᠵᠦ ᠤᠷᠳᠤᠰ ᠵᠡᠷᠬᠡ ᠨᠤᠳᠤᠭ ᠪᠡᠷ ᠳᠡᠬᠢᠭᠳᠠᠬᠤ ᠪᠤᠯᠪᠠ᠃ |
Original Literature |
View Original Paper
|
出自 |
中国蒙古学
2010年
第2期
|