Abstract |
ᠬᠡᠳᠦᠨ ᠵᠢᠯ ᠦᠨ ᠲᠤᠷᠰᠢᠬᠢ ᠮᠣᠩᠭᠤᠯ ᠤᠷᠠᠨ ᠵᠤᠬᠢᠶᠠᠯ ᠤᠨ ᠪᠠᠢᠳᠠᠯ ᠭᠡᠪᠡᠯ᠄ ᠨᠢᠭᠡ ᠳᠦ᠂ ᠠᠮᠢᠳᠤᠷᠠᠯ ᠢ ᠳᠤᠰᠬᠠᠵᠤ᠂ ᠰᠡᠳᠦᠪ ᠰᠤᠩᠭ᠋ᠤᠬᠤ ᠲᠠᠯ᠎ᠠ ᠪᠠᠷ ᠦᠷᠭᠡᠵᠢᠨ ᠶᠡᠬᠡᠳᠴᠦ᠂ ᠵᠤᠬᠢᠶᠠᠯ ᠤᠨ ᠬᠦᠨᠴᠡ ᠶᠢ ᠠᠩᠬᠠᠷᠴᠤ ᠪᠠᠢᠬᠤ; ᠬᠤᠶᠠᠷ ᠲᠤ᠂ ᠵᠤᠬᠢᠶᠠᠨ ᠪᠦᠲᠦᠭᠡᠬᠦ ᠤᠷᠠᠯᠢᠭ ᠤᠨ ᠲᠠᠯ᠎ᠠ ᠪᠠᠷ ᠮᠦᠨ ᠡᠳᠦᠢ ᠲᠡᠳᠦᠢ ᠳᠡᠭᠡᠭᠰᠢᠯᠡᠵᠦ ᠪᠠᠢᠬᠤ; ᠭᠤᠷᠪᠠ ᠳᠤ᠂ ᠵᠤᠬᠢᠶᠠᠭᠴᠢ ᠶᠢᠨ ᠦᠪᠡᠷᠦᠨ ᠵᠤᠬᠢᠶᠠᠯ ᠳᠠᠭ᠋ᠠᠨ ᠰᠢᠭ᠋ᠤᠳ ᠣᠷᠤᠵᠤ᠂ ᠦᠵᠡᠯᠲᠡ ᠰᠡᠳᠬᠢᠯᠭᠡ ᠪᠡᠨ ᠰᠢᠭ᠋ᠤᠳ ᠲᠤᠭ᠋ᠠᠴᠢᠨ ᠢᠯᠡᠷᠡᠭᠦᠯᠵᠦ ᠪᠠᠢᠬᠤ᠃ ᠳᠡᠭᠡᠷᠡᠬᠢ ᠠᠮᠵᠢᠯᠲᠠ ᠪᠦᠲᠦᠮᠵᠢ ᠡᠴᠡ ᠭᠠᠳᠠᠨ᠎ᠠ ᠪᠡᠯᠡ ᠬᠦᠷᠦᠯᠴᠡᠬᠦ ᠦᠭᠡᠢ ᠲᠠᠯ᠎ᠠ ᠪᠤᠢ᠄ ᠨᠢᠭᠡ ᠳᠦ᠂ ᠮᠠᠨ ᠤ ᠤᠷᠠᠨ ᠵᠤᠬᠢᠶᠠᠯ ᠤᠨ ᠳᠤᠰᠬᠠᠵᠤ ᠪᠠᠢᠭ᠎ᠠ ᠨᠡᠢᠭᠡᠮ ᠦᠨ ᠠᠮᠢᠳᠤᠷᠠᠯ ᠤᠨ ᠬᠦᠷᠢᠶ᠎ᠡ ᠬᠡᠪᠴᠢᠶ᠎ᠡ ᠬᠡᠳᠦᠢᠪᠡᠷ ᠦᠷᠭᠡᠵᠢᠵᠦ ᠪᠠᠢᠭ᠎ᠠ ᠪᠤᠯᠪᠠᠴᠤ᠂ ᠪᠤᠳᠳᠠᠲᠤ ᠠᠮᠢᠳᠤᠷᠠᠯ ᠤᠨ ᠲᠠᠯ᠎ᠠ ᠪᠦᠬᠦᠨ ᠢ ᠰᠡᠳᠦᠪᠯᠡᠵᠦ᠂ ᠣᠯᠠᠨ ᠲᠠᠯ᠎ᠠ ᠠᠴᠠ ᠨᠢ ᠬᠠᠷᠠᠭ᠋ᠤᠯᠵᠤ ᠪᠠᠢᠬᠤ ᠪᠠᠷ ᠭᠦᠢᠴᠡᠳ ᠦᠭᠡᠢ; ᠬᠤᠶᠠᠷ ᠲᠤ᠂ ᠵᠤᠬᠢᠶᠠᠯ ᠤᠨ 《ᠦᠯᠢᠭᠡᠷᠯᠢᠭ ᠶᠠᠪᠤᠴᠠ》 ᠶᠢᠨ ᠪᠦᠷᠢᠨ ᠪᠦᠲᠦᠨ ᠪᠠᠢᠬᠤ ᠶᠢ ᠴᠢᠬᠤᠯᠠᠴᠢᠯᠠᠨ ᠰᠡᠳᠬᠢᠭᠰᠡᠨ ᠵᠤᠬᠢᠶᠠᠯ ᠤᠨ ᠪᠠᠭ᠋ᠠᠲᠤᠷ ᠤᠨ ᠵᠠᠩ ᠴᠢᠨ᠋ᠠᠷ ᠢᠶᠠᠨ ᠢᠷᠠᠭ᠋ᠤ ᠲᠤᠳᠤ ᠢᠯᠡᠷᠡᠭᠦᠯᠬᠦ ᠲᠠᠯ᠎ᠠ ᠪᠠᠷ ᠳᠤᠲᠠᠮᠠᠭ ᠪᠠᠢᠬᠤ; ᠭᠤᠷᠪᠠ ᠳᠤ᠂ ᠵᠤᠬᠢᠶᠠᠯ ᠪᠦᠲᠦᠭᠡᠯ ᠦᠨ ᠢᠯᠡᠷᠡᠭᠦᠯᠬᠦ ᠠᠷᠭ᠎ᠠ ᠠᠪᠴᠢᠯ ᠤᠨ ᠲᠠᠯ᠎ᠠ ᠪᠠᠷ ᠣᠯᠠᠰᠢᠷᠠᠭ᠋ᠤᠯᠬᠤ ᠴᠢᠬᠤᠯᠠᠲᠠᠢ᠂ ᠠᠬᠢᠨ ᠳᠠᠪᠰᠢᠬᠤ ᠳᠤ ᠠᠩᠬᠠᠷᠤᠭ᠋ᠤᠰᠢᠲᠠᠢ ᠬᠡᠳᠦᠨ ᠠᠰᠠᠭ᠋ᠤᠳᠠᠯ᠄ ᠡᠩ ᠲᠡᠷᠢᠭᠦᠨ ᠳᠦ᠂ ᠠᠮᠢᠳᠤᠷᠠᠯ ᠳᠤ ᠭᠦᠨᠵᠡᠭᠡᠢᠷᠡᠵᠦ ᠪᠤᠳᠠᠲᠤ ᠠᠮᠢᠳᠤᠷᠠᠯ ᠢ ᠰᠤᠳᠤᠯᠬᠤ; ᠬᠤᠶᠠᠳᠤᠭ᠋ᠠᠷ ᠲᠤ᠂ ᠪᠤᠰᠤᠳ ᠢ ᠮᠡᠳᠡᠵᠦ᠂ ᠪᠡᠶ᠎ᠡ ᠪᠡᠨ ᠣᠢᠯᠠᠭ᠋ᠠᠵᠤ᠂ ᠵᠦᠷᠢᠶ᠎ᠡ ᠪᠡᠨ ᠡᠷᠢᠵᠦ᠂ ᠵᠦᠪᠯᠡᠯ ᠢᠶᠡᠨ ᠲᠤᠳᠤᠯᠠᠵᠤ᠂ ᠵᠡᠷᠭᠡᠴᠡᠨ ᠬᠦᠭᠵᠢᠬᠦ ᠪᠡᠷ ᠴᠢᠷᠮᠠᠢᠬᠤ; ᠭᠤᠷᠪᠠᠳᠤᠭ᠋ᠠᠷ ᠲᠤ᠂ ᠣᠨᠴᠠᠯᠢᠭ ᠳᠠᠭ᠋ᠠᠨ ᠲᠤᠬᠢᠷᠠᠭ᠋ᠤᠯᠤᠨ ᠣᠷᠴᠢᠨ ᠳᠠᠭ᠋ᠠᠨ ᠵᠤᠬᠢᠴᠠᠭ᠋ᠤᠯᠵᠤ᠂ ᠦᠪᠡᠷᠦᠨ ᠵᠠᠮ ᠢᠶᠠᠨ ᠭᠠᠷᠭ᠋ᠠᠬᠤ; ᠳᠦᠷᠪᠡᠳᠦᠭᠡᠷ ᠲᠦ᠂ ᠵᠤᠬᠢᠶᠠᠯ ᠪᠦᠲᠦᠭᠡᠯ ᠦᠨ ᠰᠢᠭᠦᠮᠵᠢ ᠶᠢ ᠬᠦᠭᠵᠢᠭᠡᠨᠲᠡᠢ ᠪᠤᠯᠭ᠋ᠠᠵᠤ᠂ ᠵᠤᠬᠢᠶᠠᠯ ᠪᠦᠲᠦᠭᠡᠯ ᠦᠨ ᠴᠡᠴᠡᠭᠯᠡᠯᠲᠡ ᠶᠢ ᠠᠬᠢᠭ᠋ᠤᠯᠬᠤ᠃ |