Paper Information


Title ᠬᠡᠳᠦ ᠬᠡᠷᠡᠭᠯᠡᠭᠡᠨ ᠦ ᠰᠢᠨᠵᠢ ᠪᠦᠬᠦᠢ ᠰᠢᠭᠦᠮᠵᠢ ᠶᠢᠨ ᠴᠢᠬᠤᠯᠠᠴᠢᠯᠠᠯ - ᠤᠯᠠᠭᠠᠨᠮᠦ᠋ᠴᠢᠷ ᠤᠨ ᠤᠷᠠᠯᠢᠭ ᠤᠨ ᠪᠦᠲᠦᠭᠡᠯ ᠦᠨ ᠲᠤᠬᠠᠢ ᠰᠢᠭᠦᠮᠵᠢ ᠡᠴᠡ ᠰᠡᠳᠦᠪᠯᠡᠬᠦ ᠨᠢ
Creator ᠰᠠᠢ᠌ᠵᠢᠷᠠᠬᠤ
Keyword ᠤᠯᠠᠭᠠᠨᠮᠦ᠋ᠴᠢᠷ; ᠤᠷᠠᠯᠢᠭ ᠤᠨ ᠪᠦᠲᠦᠭᠡᠯ; ᠮᠠᠯᠴᠢᠨ ᠲᠠᠷᠢᠶᠠᠴᠢᠨ ᠤ ᠰᠢᠭᠦᠮᠵᠢ; ᠬᠡᠷᠡᠭᠯᠡᠭᠡᠨ ᠦ ᠰᠢᠨᠵᠢ
Abstract ᠲᠤᠰ ᠦᠭᠦᠯᠡᠯ ᠰᠥ᠂ ᠤᠯᠠᠭᠠᠨᠮᠦ᠋ᠴᠢᠷ ᠤᠨ ᠤᠷᠠᠯᠢᠭ ᠤᠨ ᠪᠦᠲᠦᠭᠡᠯ ᠦᠨ ᠲᠤᠬᠠᠢ ᠰᠢᠭᠦᠮᠵᠢ ᠳᠥ ᠬᠡᠷᠡᠭᠯᠡᠭᠡᠨ ᠦ ᠰᠢᠨᠵᠢ ᠪᠡᠷ ᠴᠢᠩᠭ᠋᠎ᠠ ᠮᠠᠯᠴᠢᠨ ᠲᠡᠷᠢᠶᠠᠴᠢᠨ ᠤ ᠰᠢᠭᠦᠮᠵᠢ ᠭᠣᠣᠯᠯᠠᠳᠠᠭ ᠪᠠᠢ᠌ᠭᠰᠠᠨ ᠦᠵᠡᠭᠳᠡᠯ ᠳᠥ ᠵᠠᠳᠠᠯᠤᠯᠲᠠ ᠬᠢᠵᠡᠢ᠃ ᠲᠤᠬᠠᠢ ᠶᠢᠨ ᠦᠶ᠎ᠡ ᠶᠢᠨ ᠤᠳᠬ᠎ᠠ ᠤᠷᠠᠯᠢᠭ ᠤᠨ ᠰᠢᠭᠦᠮᠵᠢ ᠳᠥ《ᠤᠯᠤᠰ ᠲᠦᠷᠦ ᠶᠢᠨ ᠪᠠᠷᠢᠮᠵᠢᠶ᠎ᠠ》 ᠶᠢ ᠳᠡᠭᠡᠳᠦᠯᠡᠳᠡᠭ ᠪᠠᠢ᠌ᠭᠰᠠᠨ ᠪᠦᠭᠡᠳ ᠤᠳᠤᠷᠢᠳᠤᠯᠭ᠎ᠠ᠂ ᠣᠯᠠᠨ ᠲᠦᠮᠡᠨ ᠦ ᠰᠢᠭᠦᠮᠵᠢ ᠨᠢ ᠭᠣᠣᠯ ᠤᠷᠤᠰᠭᠠᠯ ᠤᠨ ᠰᠢᠭᠦᠮᠵᠢ ᠶᠢ ᠪᠦᠷᠢᠯᠳᠦᠭᠦᠯᠵᠦ᠂ ᠲᠤᠰᠭᠠᠢ ᠮᠡᠷᠭᠡᠵᠢᠯ ᠦᠨ ᠤᠳᠬ᠎ᠠ ᠤᠷᠠᠯᠢᠭ ᠤᠨ ᠰᠢᠭᠦᠮᠵᠢᠯᠡᠭᠴᠢᠳ ᠢ ᠭᠠᠳᠠᠭᠤᠷᠴᠢᠯᠠᠬᠤ ᠪᠣᠶᠤ ᠦᠭᠡᠷᠡᠴᠢᠯᠡᠵᠦ ᠡᠪᠰᠡᠬᠦ ᠶᠢ ᠱᠠᠭᠠᠷᠳᠠᠵᠤ ᠪᠠᠢ᠌ᠭᠰᠠᠨ ᠶᠣᠮ᠃ ᠡᠨᠡ ᠦᠶ᠎ᠡ ᠶᠢᠨ ᠣᠯᠠᠨ ᠲᠦᠮᠡᠨ (ᠮᠠᠯᠴᠢᠨ ᠲᠠᠷᠢᠶᠠᠴᠢᠨ) ᠨᠢ ᠰᠡᠭᠡᠭᠡᠲᠡᠨ ᠢ ᠪᠣᠳᠤᠪᠠᠯ ᠪᠡᠶ᠎ᠡ ᠶᠢᠨ ᠭᠠᠷᠤᠯ᠂ ᠤᠯᠤᠰ ᠲᠦᠷᠦ᠂ ᠦᠵᠡᠯ ᠰᠠᠨᠠᠭ᠎ᠠ ᠠᠯᠢ ᠴᠣ ᠲᠠᠯ᠎ᠠ ᠪᠠᠷ ᠪᠦᠷ ᠠᠷᠢᠭᠤᠨ ᠴᠡᠪᠡᠷ ᠪᠠᠢ᠌ᠭᠰᠠᠨ ᠪᠦᠭᠡᠳ ᠤᠬᠠᠮᠰᠠᠷ ᠲᠠᠢ ᠪᠣᠶᠣ ᠤᠬᠠᠮᠰᠠᠷ ᠦᠭᠡᠢ ᠪᠡᠷ᠂ ᠲᠦᠷᠦ ᠶᠢᠨ ᠪᠣᠳᠤᠯᠭ᠎ᠠ ᠡᠰᠡᠭᠦᠯ᠎ᠡ 《ᠤᠯᠤᠰ ᠲᠦᠷᠦ ᠶᠢᠨ ᠲᠦᠷᠢᠮᠵᠢᠭᠦᠯᠦᠯ》 ᠦᠨ 《ᠣᠯᠵᠠᠯᠠᠭᠰᠠᠳ》ᠪᠣᠯᠤᠭᠰᠠᠨ ᠪᠠᠢ᠌ᠯ᠎ᠠ᠃ ᠡᠢ᠌ᠮᠦ ᠡᠴᠡ ᠲᠡᠳᠡᠨ ᠦ ᠰᠢᠭᠦᠮᠵᠢ ᠳᠥ ᠤᠯᠠᠮᠵᠢᠯᠠᠯᠲᠤ ᠰᠢᠭᠦᠮᠵᠢ ᠶᠢᠨ ᠣᠨᠴᠠᠯᠢᠭ ᠰᠢᠨᠵᠢ ᠪᠠᠯᠠᠷᠬᠠᠢ᠌ᠰᠢᠵᠤ᠂ ᠨᠡᠢ᠌ᠭᠡᠮ ᠵᠢᠷᠦᠮ᠂ ᠠᠵᠢᠯᠴᠢᠨ ᠲᠠᠷᠢᠶᠠᠴᠢᠨ ᠴᠡᠷᠢᠭ ᠲᠥ ᠦᠢᠯᠡᠴᠢᠯᠡᠭᠦᠯᠬᠦ ᠭᠡᠳᠡᠭ ᠬᠡᠷᠡᠭᠯᠡᠭᠡᠨ ᠦ ᠵᠣᠷᠢᠯᠭ᠎ᠠ ᠠᠯᠢᠪᠠ ᠶᠢ ᠭᠠᠭᠴᠠᠭᠠᠷ ᠡᠵᠡᠷᠬᠡᠵᠡᠢ᠃
Original Literature View Original Paper
出自 内蒙古民族大学学报(社会科学) 2007年 第3期

联系我们


内蒙古大学图书馆
呼和浩特市大学西路235号
中国·内蒙古
P: (0471) 4992561
E: huangfeilong@imu.edu.cn