Paper Information


Title ᠬᠤᠷᠴᠢᠨ ᠲᠤᠭᠤᠵᠢᠰ ᠲᠤ ᠬᠢ ᠭᠤᠨᠢᠭᠲᠤ ᠵᠦᠴᠦᠭᠡ ᠶᠢᠨ ᠭᠤᠤ᠎ᠠ ᠲᠠᠭᠠᠰᠢᠶᠠᠯ ᠤᠨ ᠬᠠᠨᠳᠤᠯᠭ᠎ᠠ ᠶᠢᠨ ᠪᠤᠰᠤᠳᠴᠢ ᠦᠨᠳᠦᠰᠦ ᠰᠤᠷᠪᠤᠯᠵᠢ
Creator ᠰᠦᠨ ᠭᠤᠤ᠎ᠠ
Keyword ᠬᠤᠷᠴᠢᠨ ᠲᠤᠭᠤᠵᠢᠰ; ᠭᠤᠨᠢᠭᠲᠤ ᠵᠦᠴᠦᠭᠡ ᠶᠢᠨ ᠭᠤᠤ᠎ᠠ ᠲᠠᠭᠠᠰᠢᠶᠠᠯ ᠤᠨ ᠬᠠᠨᠳᠤᠯᠭ᠎ᠠ
Abstract 《ᠤᠯᠤᠰ ᠲᠦᠷᠦ ᠶᠢᠨ ᠬᠦᠳᠡᠯᠭᠡᠭᠡᠨ》᠋ ᠦ ᠳᠠᠭᠠᠷᠢᠯᠲᠠ᠂ ᠹᠧᠤᠳᠠᠯ ᠤᠨ ᠶᠤᠰᠤ ᠰᠤᠷᠲᠠᠬᠤᠨ ᠤ ᠬᠦᠯᠢᠶᠡᠰᠦᠯᠡᠯ᠂ ᠨᠡᠢ᠌ᠭᠡᠮ ᠦᠨ ᠢᠯᠵᠢᠷᠠᠯ ᠪᠤᠯᠤᠨ ᠨᠤᠶᠠᠨᠴᠢ ᠰᠤᠷᠲᠠᠯ ᠤᠨ ᠬᠤᠤᠷᠳᠠᠭᠤᠯᠤᠯ᠂ ᠮᠠᠯᠵᠢᠬᠤ ᠲᠠᠷᠢᠶᠠᠯᠠᠬᠤ ᠰᠤᠶᠤᠯ ᠤᠨ ᠵᠦᠷᠢᠴᠡᠯ ᠮᠦᠷᠭᠦᠯᠳᠦᠭᠡᠨ᠂ ᠠᠮᠢ ᠠᠬᠤᠢ ᠶᠢᠨ ᠣᠷᠴᠢᠨ ᠤ ᠡᠪᠳᠡᠭᠳᠡᠯ ᠪᠦ ᠬᠤᠷᠴᠢᠨ ᠤ ᠣᠳᠣ ᠦᠶ᠎ᠡ ᠶᠢᠨ ᠨᠤᠲᠤᠭ ᠤᠰᠤᠨ ᠤ ᠲᠤᠭᠤᠵᠢᠰ ᠤᠨ ᠭᠤᠨᠢᠭᠲᠤ ᠵᠦᠴᠦᠭᠡ ᠶᠢᠨ ᠭᠤᠤ᠎ᠠ ᠲᠠᠭᠠᠰᠢᠶᠠᠯ ᠤᠨ ᠬᠠᠨᠳᠤᠯᠭ᠎ᠠ ᠶᠢᠨ ᠪᠤᠰᠤᠳᠴᠢ ᠦᠨᠳᠦᠰᠦ ᠰᠤᠷᠪᠤᠯᠵᠢ ᠮᠦᠨ᠃ ᠬᠤᠷᠴᠢᠨ ᠤ ᠣᠳᠣ ᠦᠶ᠎ᠡ ᠶᠢᠨ ᠨᠤᠲᠤᠭ ᠤᠰᠤᠨ ᠤ ᠲᠤᠭᠤᠵᠢᠰ ᠤᠨ ᠵᠤᠬᠢᠶᠠᠯᠴᠢᠳ ᠳᠦᠷᠢ ᠶᠢᠨ ᠬᠤᠪᠢ ᠵᠠᠶᠠᠭᠠᠨ ᠤ ᠭᠤᠨᠢᠭᠲᠤ ᠵᠦᠴᠦᠭᠡ ᠶᠢᠨ ᠦᠨᠳᠦᠰᠦ ᠰᠤᠷᠪᠤᠯᠵᠢ ᠶᠢ ᠢᠯᠡᠷᠡᠭᠦᠯᠬᠦ ᠳᠦ ᠪᠡᠨ ᠭᠤᠤᠯ ᠨᠢ ᠨᠡᠢ᠌ᠭᠡᠮ ᠦᠨ ᠰᠢᠯᠲᠠᠭᠠᠨ ᠢ ᠪᠠᠭᠲᠠᠭᠠᠭᠰᠠᠨ ᠪᠤᠰᠤᠳᠴᠢ ᠦᠨᠳᠦᠰᠦ ᠰᠤᠷᠪᠤᠯᠵᠢ ᠶᠢ ᠰᠦᠪᠡᠭ᠍ᠴᠢᠯᠡᠬᠦ ᠳᠡᠭᠡᠷ᠎ᠡ ᠪᠡᠷ ᠢᠶᠡᠨ ᠢᠳᠡᠯᠡᠵᠦ ᠪᠠᠢ᠌ᠵᠠᠢ᠃ ᠰᠢᠨ᠎ᠡ ᠡᠷᠢᠨ ᠡᠴᠡ ᠨᠠᠭᠠᠰᠢ ᠬᠤᠪᠢ ᠵᠠᠶᠠᠭᠠᠨ ᠤ ᠭᠤᠨᠢᠭᠲᠤ ᠵᠦᠴᠦᠭᠡ ᠶᠢ ᠵᠦᠪᠬᠡᠨ ᠵᠠᠢ᠌ᠯᠠᠰᠢ ᠦᠭᠡᠢ ᠪᠤᠰᠤᠳᠴᠢ ᠴᠢᠨᠠᠷ ᠢᠶᠠᠨ ᠲᠤᠢ᠌ᠯᠰᠢᠷᠠᠭᠤᠯᠤᠨ ᠵᠢᠷᠤᠭᠯᠠᠬᠤ ᠬᠦᠦᠷᠨᠢᠯ ᠦᠨ ᠬᠡᠪᠰᠢᠯ ᠨᠢ ᠶᠠᠪᠤᠬᠤ ᠳᠤᠲᠤᠮ ᠵᠦᠢ ᠶᠤᠰᠤᠴᠢ ᠴᠢᠨᠠᠷ ᠪᠠ ᠪᠤᠳᠠᠲᠤ ᠰᠢᠨᠵᠢ ᠪᠡᠨ ᠠᠯᠳᠠᠵᠤ ᠬᠦᠮᠦᠨ ᠭᠡᠬᠦ ᠪᠤᠳᠤᠯᠢᠶᠠᠨᠲᠤ ᠠᠮᠢᠲᠠᠨ ᠤ ᠪᠡᠶᠡᠴᠢ ᠲᠠᠯ᠎ᠠ ᠠᠴᠠ ᠦᠨᠳᠦᠰᠦ ᠰᠤᠷᠪᠤᠯᠵᠢ ᠶᠢ ᠰᠦᠪᠡᠭ᠍ᠴᠢᠯᠡᠬᠦ ᠨᠢ ᠵᠤᠬᠢᠶᠠᠯᠴᠢᠳ ᠤᠨ ᠵᠤᠬᠢᠶᠠᠨ ᠪᠦᠲᠦᠭᠡᠯᠭᠡ ᠶᠢᠨ ᠨᠡᠢ᠌ᠲᠡ ᠶᠢᠨ ᠬᠦᠭᠡᠭᠡᠴᠡᠯᠳᠦᠯ ᠪᠤᠶᠤ ᠳᠠᠪᠠᠯᠳᠠ ᠪᠤᠯᠤᠭᠰᠠᠨ ᠪᠠᠢ᠌ᠨ᠎ᠠ᠃
Original Literature View Original Paper
出自 内蒙古民族大学学报(社会科学) 2011年 第2期

联系我们


内蒙古大学图书馆
呼和浩特市大学西路235号
中国·内蒙古
P: (0471) 4992561
E: huangfeilong@imu.edu.cn