Paper Information


Title 《ᠠᠯᠲᠠᠨ ᠪᠢᠴᠢᠭ᠌》᠋ ᠢ ᠠᠷᠢᠭᠤᠳᠬᠠᠬᠤ ᠪᠠ 《ᠠᠯᠲᠠᠨ ᠣᠷᠳᠤᠨ》᠋ ᠤ ᠮᠢᠯᠢᠶᠠᠭᠤᠳ ᠤᠨ ᠰᠢᠲᠦᠭᠡᠳ ᠢ ᠲᠤᠳᠤᠷᠠᠭᠤᠯᠬᠤ ᠲᠤᠬᠠᠢ ᠰᠦᠪᠡᠭ᠍ᠴᠢᠯᠡ
Creator ᠪᠦᠷᠢᠨᠪᠠᠲᠤ
Keyword 《ᠠᠯᠲᠠᠨ ᠪᠢᠴᠢᠭ᠌》; ᠠᠷᠢᠭᠤᠳᠬᠠᠯ; ᠮᠢᠯᠢᠶᠠᠭᠤᠳ ᠤᠨ ᠰᠢᠲᠦᠭᠡᠳ; ᠬᠤᠯᠪᠤᠭᠳᠠᠬᠤ ᠮᠠᠲ᠋ᠧᠷᠢᠶᠠᠯ
Abstract ᠲᠤᠰ ᠦᠭᠦᠯᠡᠯ ᠳᠦ ᠂ 《ᠴᠢᠩᠭᠢᠰ ᠦᠨ ᠠᠯᠲᠠᠨ ᠣᠷᠳᠤᠨ ᠤ ᠲᠠᠬᠢᠯᠭ᠎ᠠ》᠋ ᠶᠢᠨ 《ᠬᠤᠳᠤᠭ ᠮᠢᠯᠢᠶᠠᠬᠤ》ᠭᠡᠳᠡᠭ ᠵᠠᠩ ᠦᠢᠯᠡ ᠳᠦ ᠬᠤᠯᠪᠤᠭᠳᠠᠬᠤ 《ᠠᠯᠲᠠᠨ ᠪᠢᠴᠢᠭ᠌》᠋ ᠦᠨ ᠭᠤᠯᠭ᠎ᠠ ᠶᠢ ᠵᠠᠳᠠᠯᠤᠨ ᠰᠢᠨᠵᠢᠯᠡᠭᠡᠳ᠂ ᠮᠢᠯᠢᠶᠠᠭᠳᠠᠭᠴᠢ ᠪᠡᠶ᠎ᠡ ᠪᠤᠶᠤ ᠢᠷᠦᠭᠡᠭ᠍ᠳᠡᠭᠴᠢ ᠪᠡᠶ᠎ᠡ ᠨᠢ ᠤᠭ ᠤᠵᠠᠭᠤᠷ ᠲᠠᠭᠠᠨ 《ᠪᠤᠯᠭᠠᠨ ᠬᠤᠳᠤᠭ》ᠭᠡᠭ᠍ᠴᠢ ᠰᠢᠲᠦᠭᠡᠨ ᠦ ᠲᠡᠳᠦᠢ ᠯᠡ ᠪᠢᠰᠢ᠂ ᠬᠠᠷᠢᠨ 《ᠪᠤᠯᠭᠠᠨ ᠬᠤᠳᠤᠭ》᠋ ᠢᠶᠠᠷ ᠲᠦᠯᠦᠭᠡᠯᠡᠭᠴᠢ ᠪᠤᠯᠭᠠᠭᠰᠠᠨ᠂ ᠭᠦᠨ ᠭᠦᠨᠵᠡᠭᠡᠢ ᠪᠡᠯᠭᠡᠳᠡᠯ ᠤᠳᠬ᠎ᠠ ᠶᠢ ᠬᠠᠳᠠᠭᠠᠯᠠᠭᠰᠠᠨ 《ᠪᠤᠭᠤᠷᠤᠯ ᠡᠬᠡ》《ᠰᠢᠬᠢᠷ ᠡᠮᠡᠭᠡᠨ》《ᠪᠤᠤ ᠪᠠᠶᠠᠨ》  ᠭᠡᠬᠦ ᠮᠡᠲᠦ ᠨᠡᠯᠢᠶᠡᠳ ᠬᠡᠳᠦᠨ ᠰᠢᠲᠦᠭᠡᠨ ᠪᠠᠢ᠌ᠭᠰᠠᠨ ᠭᠡᠳᠡᠭ ᠢ ᠲᠤᠳᠤᠯᠠᠬᠤ ᠪᠠᠷ ᠴᠢᠷᠮᠢ᠌ᠵᠠᠢ᠃ ᠡᠭᠦᠨ ᠲᠡᠢ ᠬᠤᠯᠪᠤᠭᠳᠠᠭᠤᠯᠤᠨ 《ᠠᠯᠲᠠᠨ ᠪᠢᠴᠢᠭ᠌》᠋ ᠦᠨ ᠬᠤᠪᠤᠷ ᠨᠠᠨᠳᠢᠨ ᠬᠠᠭᠤᠯᠪᠤᠷᠢ ᠡᠬᠡ ᠨᠦᠬᠦᠳ ᠢ ᠬᠠᠷᠢᠴᠠᠭᠤᠯᠤᠨ ᠰᠨᠵᠢᠵᠦ ᠡᠳᠡᠭᠡᠷ ᠮᠢᠯᠢᠶᠠᠭᠤᠳ ᠤᠨ ᠰᠢᠲᠦᠭᠡᠳ ᠦ ᠢᠷᠦᠭᠡᠯ ᠢ ᠠᠷᠢᠭᠤᠳᠬᠠᠬᠤ ᠣᠷᠤᠯᠳᠤᠯᠭ᠎ᠠ ᠬᠢᠭ᠍ᠰᠡᠨ ᠪᠦᠭᠡᠳ 《ᠪᠤᠯᠤᠷ ᠲᠤᠯᠢ》《ᠠᠯᠲᠠᠨ ᠡᠷᠢᠭᠡ》ᠵᠡᠷᠭᠡ ᠴᠢᠬᠤᠯᠠ ᠰᠤᠷᠪᠤᠯᠵᠢ ᠪᠢᠴᠢᠭ᠌ ᠲᠡᠢ ᠬᠤᠯᠪᠤᠭᠳᠠᠬᠤ ᠮᠠᠲ᠋ᠧᠷᠢᠶᠠᠯ ᠢ ᠬᠤᠯᠪᠤᠨ ᠰᠢᠨᠵᠢᠵᠦ ᠴᠤᠬᠤᠯᠠᠪᠤᠷᠢᠯᠠᠨ ᠦᠭᠦᠯᠭᠰᠡᠨ ᠪᠠᠢ᠌ᠨ᠎ᠠ᠃
Original Literature View Original Paper
出自 内蒙古大学学报 2011年 第3期

联系我们


内蒙古大学图书馆
呼和浩特市大学西路235号
中国·内蒙古
P: (0471) 4992561
E: huangfeilong@imu.edu.cn