Title |
ᠲᠤᠮᠳᠠᠳᠤ ᠤᠯᠤᠰ ᠲᠦ ᠬᠠᠳᠠᠭᠠᠯᠠᠭᠳᠠᠵᠤ ᠪᠠᠢᠭ᠎ᠠ《ᠠᠷᠢᠭᠤᠨ ᠨᠣᠮ》 ᠤᠨ ᠮᠣᠩᠭᠤᠯᠴᠢᠯᠠᠭᠠ ᠪᠤᠯᠤᠨ ᠪᠠᠷ ᠬᠡᠪᠯᠡᠯ ᠤᠨ ᠲᠣᠬᠠᠢ |
Creator |
ᠲᠡᠯᠭᠡᠷ |
Keyword |
ᠡᠾᠷᠢᠰᠲ᠋ᠤᠰ ᠤᠨ ᠱᠠᠰᠢᠨ; ᠮᠣᠩᠭᠤᠯ ᠤᠷᠤᠨ; 《ᠠᠷᠢᠭᠤᠨ ᠨᠣᠮ》 ᠤᠨ ᠮᠣᠩᠭᠤᠯᠴᠢᠯᠠᠭᠠ; ᠠᠳᠠᠯᠢ ᠪᠤᠰᠤ ᠶᠢᠨ ᠪᠠᠷ ᠬᠡᠪᠯᠡᠯ |
Abstract |
ᠠᠳᠠᠯᠢ ᠪᠤᠰᠤ ᠲᠡᠦᠬᠡ ᠶᠢᠨ ᠴᠠᠭ ᠬᠤᠭᠤᠴᠠᠭᠠᠨ ᠳ᠋ᠤ ᠡᠾᠷᠢᠰᠲ᠋ᠤᠰ ᠤᠨ ᠱᠠᠰᠢᠨ ᠮᠣᠩᠭᠤᠯ ᠤᠷᠤᠨ ᠳ᠋ᠤ ᠠᠳᠠᠯᠢ ᠪᠤᠰᠤ ᠬᠡᠮᠵᠢᠶ ᠠ ᠪᠡᠷ ᠲᠡᠯᠭᠡᠷᠡᠬᠦ ᠵᠢ ᠲᠠᠭᠠᠯᠳᠤᠨ《ᠠᠷᠢᠭᠤᠨ ᠨᠣᠮ》 ᠤᠨ ᠤᠯᠠᠨ ᠲᠦᠷᠦᠯ ᠤᠨ ᠮᠣᠩᠭᠤᠯᠴᠢᠯᠠᠭᠠ ᠶᠢᠨ ᠪᠠᠷ ᠬᠡᠪᠯᠡᠯ ᠡᠬᠢᠯᠡᠨ ᠪᠤᠢ ᠪᠤᠯᠵᠤ ᠮᠣᠩᠭᠯᠤ ᠤᠷᠤᠨ ᠳ᠋ᠤ ᠦᠷᠭᠡᠨ ᠬᠡᠪᠴᠢᠶ ᠠ ᠪᠡᠷ ᠲᠠᠷᠬᠠᠨ ᠲᠡᠯᠭᠡᠷᠡᠵᠡᠢ᠃ ᠮᠣᠩᠭᠤᠯ ᠬᠡᠯᠡᠨ ᠤ 《ᠠᠷᠢᠭᠤᠨ ᠨᠤᠮ》 ᠤᠨ ᠠᠳᠠᠯᠢ ᠪᠤᠰᠤ ᠬᠡᠪᠯᠡᠯ ᠨᠢ ᠠᠳᠠᠯᠢ ᠪᠤᠰᠤ ᠲᠡᠦᠬᠡ ᠶᠢᠨ ᠴᠠᠭ ᠬᠤᠭᠤᠴᠠᠭᠠᠨ ᠤ ᠦᠷᠦᠨᠡᠳᠡᠬᠢᠨ ᠪᠤᠯᠤᠨ ᠮᠣᠩᠭᠤᠯ ᠰᠣᠶᠤᠯ ᠤᠨ ᠰᠣᠯᠢᠯᠴᠠᠭ᠎ᠠ ᠶᠢᠨ ᠬᠡᠷᠡᠴᠢ ᠲᠡᠮᠳᠡᠭ ᠪᠤᠯᠤᠭᠰᠠᠨ ᠪᠦᠭᠡᠳ ᠮᠠᠩ ᠤ ᠤᠯᠤᠰ ᠤᠨ ᠡᠷᠲᠡᠨ ᠤ ᠮᠣᠩᠭᠤᠯ ᠰᠤᠷᠪᠤᠯᠵᠢ ᠪᠢᠴᠢᠭ ᠤᠨ ᠬᠠᠳᠠᠭᠠᠯᠠᠮᠵᠢ ᠶᠢᠨ ᠨᠢᠭᠡᠨ ᠣᠨᠴᠠᠯᠢᠭᠲᠤ ᠪᠦᠷᠢᠯᠳᠦᠬᠦᠨ ᠪᠤᠯᠤᠭᠰᠠᠨ ᠶᠣᠮ᠃ ᠡᠳᠡᠭᠡᠷ ᠬᠡᠪᠯᠡᠯ ᠤᠨ ᠲᠣᠬᠠᠢ ᠡᠷᠬᠢᠳᠭᠡᠨ ᠰᠣᠳᠤᠯᠬᠤ ᠨᠢ ᠮᠣᠩᠭᠤᠯ ᠦᠨᠳᠦᠰᠦᠲᠡᠨ ᠤ ᠱᠠᠰᠢᠨ ᠰᠤᠷᠲᠠᠬᠤᠨ᠂ ᠡᠷᠲᠡᠨ ᠤ ᠮᠣᠩᠭᠤᠯ ᠰᠤᠷᠪᠤᠯᠵᠢ ᠪᠢᠴᠢᠭ ᠤᠨ ᠰᠣᠳᠤᠯᠤᠯ᠂ ᠤᠷᠴᠢᠭᠤᠯᠭ᠎ᠠ ᠶᠢᠨ ᠲᠡᠦᠬᠡ᠂ ᠮᠣᠩᠭᠯᠤ ᠪᠡᠷ ᠬᠡᠪᠯᠡᠯ ᠤᠨ ᠲᠡᠦᠬᠡ ᠵᠡᠷᠭᠡ ᠰᠣᠳᠤᠯᠤᠯ ᠳ᠋ᠤ ᠤᠯᠠᠨ ᠲᠠᠯ ᠠ ᠶᠢᠨ ᠰᠣᠶᠣᠯ ᠤᠨ ᠪᠤᠯᠤᠨ ᠯᠠᠪᠯᠠᠯᠲᠠ ᠶᠢᠨ ᠦᠨ᠎ᠠ ᠦᠷᠲᠡᠭ ᠲᠠᠢ ᠪᠠᠢᠳᠠᠭ᠃ |
Original Literature |
No Original Paper
|
出自 |
中国蒙古学
2017年
第5期
|