Paper Information


Title ᠮᠣᠩᠭᠤᠯ ᠬᠡᠯᠡᠨ ᠦ ᠦᠭᠦᠯᠡᠪᠦᠷᠢ ᠳᠦ ᠦᠭᠦᠯᠡᠭᠦᠨ ᠨᠢ ᠲᠦᠪ ᠪᠤᠯᠬᠤ ᠲᠤᠬᠠᠢ
Creator ᠲᠡᠳᠭᠡ
Keyword
Abstract ᠲᠤᠰ ᠦᠭᠦᠯᠡᠯ ᠳᠦ ᠵᠤᠬᠢᠶᠠᠭᠴᠢ ᠠᠴᠠ ᠡᠵᠡᠨ ᠲᠤᠪᠤ ᠰᠤᠳᠤᠯᠤᠭᠴᠢ ᠶᠢᠨ ᠦᠭᠦᠯᠡᠭᠦᠨ ᠢᠶᠡᠷ ᠲᠦᠪ ᠪᠤᠯᠭ᠋ᠠᠬᠤ ᠦᠵᠡᠯᠲᠡ ᠶᠢ ᠪᠠᠷᠢᠮᠲᠠᠯᠠᠨ᠂ ᠦᠭᠦᠯᠡᠪᠦᠷᠢ ᠳᠦ ᠬᠡᠯᠡ ᠵᠦᠢ᠂ ᠤᠳᠬ᠎ᠠ ᠵᠦᠢ ᠪᠤᠯᠤᠨ ᠮᠡᠳᠡᠭᠳᠡᠯ ᠵᠦᠢ ᠶᠢᠨ ᠵᠠᠳᠠᠯᠤᠯᠲᠠ ᠬᠢ᠂ ᠦᠭᠦᠯᠡᠪᠦᠷᠢ ᠶᠢᠨ ᠦᠨᠳᠦᠰᠦᠨ ᠣᠨᠴᠠᠯᠢᠭ ᠤᠨ ᠲᠤᠬᠠᠢ (1) ᠦᠭᠦᠯᠡᠭᠦᠨ ᠨᠢ ᠦᠭᠦᠯᠡᠭᠳᠡᠭᠦᠨ ᠢᠶᠡᠨ ᠵᠠᠬᠢᠷᠤᠨ᠎ᠠ᠂ (2) ᠦᠭᠦᠯᠡᠭᠦᠨ ᠨᠢ ᠭᠤᠤᠯᠯᠠᠬᠤ ᠪᠠᠢᠷᠢ ᠰᠠᠭ᠋ᠤᠷᠢ ᠡᠵᠡᠯᠡᠨ᠎ᠡ᠂ (3) ᠦᠭᠦᠯᠡᠭᠳᠡᠭᠦᠨ ᠲᠤᠰᠤᠳᠭᠳᠠᠬᠤᠨ ᠬᠤᠶᠠᠷ ᠢᠵᠢᠯ ᠪᠠᠢᠷᠢ ᠰᠠᠭ᠋ᠤᠷᠢ ᠲᠠᠢ ᠭᠡᠰᠡᠨ ᠰᠠᠨ᠋ᠠᠯ ᠵᠦᠪᠯᠡᠯᠭᠡᠨ ᠳᠤᠷᠠᠳᠪᠠ᠃ ᠲᠤᠰ ᠦᠭᠦᠯᠡᠯ ᠦᠨ ᠨᠢᠭᠳᠦᠭᠡᠷ ᠬᠡᠰᠡᠭ ᠲᠦ᠂ ᠪᠦᠲᠦᠴᠡ ᠦᠵᠡᠯ ᠦᠨ ᠬᠠᠷᠢᠴᠠᠩ᠋ᠭᠤᠢ ᠰᠢᠨᠵᠢ ᠶᠢᠨ ᠵᠠᠷᠢᠮ ᠢᠶᠠᠷ ᠦᠭᠦᠯᠡᠪᠦᠷᠢ ᠪᠡ ᠬᠤᠯᠪᠤᠭ᠎ᠠ ᠦᠭᠡ ᠶᠢᠨ ᠪᠦᠲᠦᠴᠡ ᠶᠢ ᠵᠠᠳᠠᠯᠤᠨ ᠰᠢᠨᠵᠢᠯᠡᠵᠦ᠂ ᠦᠭᠦᠯᠡᠭᠦᠨ ᠨᠢ ᠦᠭᠦᠯᠡᠭᠳᠡᠭᠦᠨ ᠢᠶᠡᠨ ᠵᠠᠬᠢᠷᠬᠤ ᠭᠡᠰᠡᠨ ᠦᠵᠡᠯᠲᠡ ᠪᠡᠨ ᠳᠠᠷᠠᠭ᠋ᠠᠬᠢ ᠬᠤᠶᠠᠷ ᠲᠠᠯ᠎ᠠ ᠠᠴᠠ ᠲᠠᠢᠯᠪᠤᠷᠢᠯᠠᠪᠠ᠄ ᠨᠢᠭᠡ ᠳᠦ᠂ ᠦᠭᠦᠯᠡᠭᠳᠡᠭᠦᠨ ᠦᠭᠦᠯᠡᠭᠦᠨ ᠦ ᠬᠠᠷᠢᠴᠠᠭ᠎ᠠ ᠪᠠ ᠦᠭᠡᠰ ᠦᠨ ᠳᠠᠷᠠᠭ᠋ᠠᠯᠠᠯ ᠤᠨ ᠣᠨᠴᠠᠯᠢᠭ ᠠᠴᠠ ᠦᠵᠡᠪᠡᠯ᠂ ᠬᠤᠯᠪᠤᠭ᠎ᠠ ᠦᠭᠡ ᠶᠢᠨ ᠲᠦᠪᠰᠢᠨ ᠳᠦ ᠳᠠᠭ᠋ᠠᠭ᠋ᠤᠯᠢ ᠦᠭᠡ ᠨᠢ ᠭᠤᠤᠯᠯᠠᠬᠤ ᠦᠭᠡᠨ ᠳᠡᠭᠡᠨ ᠵᠠᠬᠢᠷᠤᠭᠳᠠᠬᠤ ᠦᠨᠳᠦᠰᠦᠨ ᠳᠦᠷᠢᠮ ᠦᠨ ᠶᠤᠰᠤᠭ᠋ᠠᠷ᠂ ᠦᠭᠦᠯᠡᠭᠳᠡᠭᠦᠢ ᠨᠢ ᠦᠭᠦᠯᠡᠭᠦᠢ ᠳᠡᠭᠡᠨ ᠵᠠᠬᠢᠷᠤᠭᠳᠠᠨ᠎ᠠ ᠭᠡᠵᠡᠢ᠃ ᠬᠤᠶᠠᠷ ᠲᠤ᠂ ᠦᠭᠦᠯᠡᠭᠳᠡᠭᠦᠨ ᠦᠭᠦᠯᠡᠭᠦᠨ ᠦ ᠬᠠᠷᠢᠴᠠᠭ᠎ᠠ ᠪᠠ ᠲᠡᠢᠨ ᠢᠯᠭ᠋ᠠᠯ ᠤᠨ ᠣᠨᠴᠠᠯᠢᠭ ᠠᠴᠠ ᠦᠵᠡᠪᠡᠯ᠂ ᠦᠭᠦᠯᠡᠪᠦᠷᠢ ᠶᠢᠨ ᠲᠦᠪᠰᠢᠨ ᠳᠦ ᠦᠭᠦᠯᠡᠭᠳᠡᠭᠦᠨ ᠨᠢ ᠬᠤᠤᠰᠮᠠᠭ ᠰᠢᠨᠵᠢᠲᠡᠢ ᠪᠦᠭᠡᠳ ᠶᠠᠮᠠᠷ ᠲᠡᠢᠨ ᠢᠯᠭ᠋ᠠᠯ ᠢᠶᠠᠷ ᠪᠠᠢᠳᠠᠭ ᠢ ᠦᠭᠦᠯᠡᠭᠦᠨ ᠦ ᠦᠭᠡᠰ ᠦᠨ ᠰᠠᠩ — ᠬᠡᠯᠡ ᠵᠦᠢ ᠶᠢᠨ ᠰᠢᠨᠵᠢ ᠴᠢᠨ᠋ᠠᠷ ᠣᠨᠴᠠᠯᠢᠭ ᠪᠠ ᠢᠯᠭ᠋ᠠᠨ ᠲᠤᠭᠲᠠᠭ᠋ᠠᠬᠤ ᠬᠡᠮᠨ᠋ᠡᠭᠦᠷ ᠰᠢᠢᠳᠪᠦᠷᠢᠯᠡᠨ᠎ᠡ ᠭᠡᠪᠡ᠃ ᠬᠤᠶᠠᠳᠤᠭ᠋ᠠᠷ ᠬᠡᠰᠡᠭ ᠲᠦ᠂ ᠦᠭᠦᠯᠡᠭᠦᠨ ᠨᠢ ᠦᠭᠦᠯᠡᠭᠳᠡᠭᠦᠨ ᠢᠶᠡᠨ ᠵᠠᠬᠢᠷᠬᠤ ᠦᠵᠡᠯᠲᠡ ᠪᠡᠷ ᠬᠡᠯᠡᠪᠡᠯ᠂ ᠦᠭᠦᠯᠡᠭᠳᠡᠭᠦᠨ ᠦ ᠬᠡᠯᠡ ᠵᠦᠢ ᠶᠢᠨ ᠪᠠᠢᠷᠢ ᠰᠠᠭ᠋ᠤᠷᠢ ᠨᠢ ᠦᠭᠦᠯᠡᠭᠦᠨ ᠡᠴᠡ ᠳᠤᠤᠷ᠎ᠠ ᠪᠠᠢᠳᠠᠭ᠂ ᠲᠡᠭᠦᠨ ᠢ ᠵᠠᠬᠢᠷᠤᠭᠳᠠᠬᠤ ᠪᠦᠷᠢᠯᠳᠦᠵᠭᠦᠨ ᠦ ᠪᠠᠷᠢᠨ ᠳᠤ ᠣᠷᠤᠭ᠋ᠤᠯᠵᠤ ᠳᠤᠰᠤᠭᠳᠠᠬᠤᠨ ᠲᠠᠢ ᠢᠵᠢᠯ ᠲᠦᠷᠦᠯ ᠦᠨ ᠶᠠᠭ᠋ᠤᠮ᠎ᠠ ᠪᠠᠷ ᠦᠵᠡᠵᠦ ᠪᠤᠯᠬᠤ ᠶᠤᠮ ᠭᠡᠵᠡᠢ᠃ ᠡᠭᠦᠨ ᠡᠴᠡ ᠦᠨᠳᠦᠰᠦᠯᠡᠨ᠂ ᠦᠭᠦᠯᠡᠭᠦᠨ ᠦ ᠭᠤᠤᠯᠯᠠᠬᠤ ᠪᠠᠢᠷ ᠰᠠᠭ᠋ᠤᠷᠢ ᠪᠠ ᠦᠭᠦᠯᠡᠭᠳᠡᠭᠦᠨ ᠳᠤᠰᠤᠭᠳᠠᠬᠨᠤᠨ ᠤ ᠢᠵᠢᠯ ᠪᠠᠷᠢ ᠰᠠᠭ᠋ᠤᠷᠢ ᠶᠢᠨ ᠲᠤᠬᠠᠢ ᠵᠠᠳᠠᠯᠤᠨ ᠰᠢᠨᠵᠢᠯᠡᠵᠦ᠂ ᠦᠭᠦᠯᠡᠪᠦᠷᠢ ᠶᠢᠨ ᠳᠤᠲᠤᠷ᠎ᠠ ᠬᠡᠯᠡ ᠵᠦᠢ ᠶᠢᠨ ᠪᠡ ᠤᠳᠬ᠎ᠠ ᠵᠦᠢ ᠶᠢᠨ ᠠᠯᠢ ᠲᠠᠯ᠎ᠠ ᠪᠠᠷ ᠬᠡᠯᠡᠭᠰᠡᠨ ᠴᠦ ᠭᠠᠭᠴᠠ ᠭᠦ ᠦᠭᠦᠯᠡᠭᠦᠨ ᠨᠢ ᠲᠦᠪ ᠪᠤᠯᠬᠤ ᠭᠡᠰᠡᠨ ᠳ᠋ᠦᠩᠨ᠋ᠡᠯᠲᠡ ᠬᠢᠵᠡᠢ᠃
Original Literature No Original Paper
出自 内蒙古民族大学学报(社会科学) 1994年 第4期

联系我们


内蒙古大学图书馆
呼和浩特市大学西路235号
中国·内蒙古
P: (0471) 4992561
E: huangfeilong@imu.edu.cn