Paper Information


Title ᠮᠤᠩᠭ᠋ᠤᠯ ᠦᠨᠳᠦᠰᠦᠳᠡᠨ — 《ᠮᠠᠩᠭ᠋ᠤᠯ — ᠮᠤᠩᠭ᠋ᠤᠯ 》ᠬᠡᠮᠡᠬᠦ ᠨᠡᠷᠡᠢ᠌ᠢᠳᠦᠯ
Creator ᠲᠠᠢ᠌ᠴᠢᠭᠤᠳ · ᠮᠠᠨᠰᠠᠩ
Keyword ᠮᠠᠩᠭ᠋ᠤᠯ — ᠮᠤᠩᠭ᠋ᠤᠯ; ᠮᠠᠨ(蛮); ᠦᠨᠳᠦᠰᠦᠳᠡᠨ; ᠠᠢ᠌ᠮᠠᠭ
Abstract ᠮᠤᠩᠭ᠋ᠤᠯ ᠦᠨᠳᠦᠰᠦᠳᠡᠨ ᠠᠯᠢ ᠡᠷᠳᠡ 8 ᠮᠢᠩᠭ᠋ᠠᠨ ᠵᠢᠯ ᠤᠨ ᠡᠮᠦᠨ᠎ᠡ ᠨᠢᠭᠡᠨᠳᠡ ᠪᠦᠷᠢᠯᠳᠦᠭᠰᠡᠨ ᠪᠠᠢ᠌ᠨ᠎ᠠ᠃ 《ᠮᠤᠩᠭ᠋ᠤᠯ》ᠭᠡᠬᠦ ᠦᠨᠳᠦᠰᠦᠳᠡᠨ ᠤ ᠨᠡᠷᠡᠢ᠌ᠳᠦᠯ ᠨᠢ ᠴᠤ ᠦᠨᠳᠦᠰᠦᠳᠡᠨ ᠪᠦᠷᠢᠯᠳᠦᠬᠦ ᠶᠢᠨ ᠵᠡᠷᠭᠡ ᠪᠦᠷᠢᠯᠳᠦᠵᠦ ᠪᠢᠯᠡ᠃ ᠲᠡᠦᠬᠡ ᠶᠢᠨ ᠪᠢᠴᠢᠭ᠌ ᠲᠤ 《ᠮᠠᠩᠭ᠋ᠤᠯ》ᠬᠡᠮᠡᠵᠦ᠂ ᠬᠢᠳᠠᠳ ᠲᠤᠯᠭᠤᠷ ᠪᠢᠴᠢᠭ᠌ ᠲᠤ 《ᠮᠠᠨ — 蛮》ᠭᠡᠬᠦ ᠬᠡᠯᠪᠡᠷᠢ ᠪᠡᠷ ᠤᠯᠠᠨ ᠮᠤᠩᠭ᠋ᠤᠯ ᠠᠢ᠌ᠮᠠᠭ ᠤᠨ ᠲᠤᠮᠳᠠ ᠨᠡᠷᠡᠢ᠌ᠳᠦᠭᠳᠡᠨ ᠤᠯᠠᠮᠵᠢᠯᠠᠭᠳᠠᠵᠤ ᠢᠷᠡᠭᠰᠡᠨ ᠪᠠᠢ᠌ᠨ᠎ᠠ᠃ ᠵᠢᠱᠢᠶᠡᠯᠡᠪᠡᠯ᠂ ᠬᠢᠶᠠᠨ ᠮᠤᠩᠭ᠋ᠤᠯ ᠂ ᠪᠢᠳᠡᠭᠦᠳ ᠮᠤᠩᠭ᠋ᠤᠯ᠂ ᠾᠦᠨᠦ ᠮᠤᠩᠭ᠋ᠤᠯ᠂ ᠨᠢᠷᠤᠭᠤᠨ ᠮᠤᠩᠭ᠋ᠤᠯ᠂ ᠰᠢᠶᠠᠨᠪᠢ ᠮᠤᠩᠭ᠋ᠤᠯ᠂ ᠲᠦᠷᠭᠦᠳ(ᠲᠦᠷᠺ)ᠮᠤᠩᠭ᠋ᠤᠯ ᠁ ᠵᠡᠷᠭᠡ ᠬᠡᠳᠦᠨ ᠠᠷᠪᠠ ᠬᠡᠳᠦᠨ ᠵᠠᠭᠤᠨ ᠠᠢ᠌ᠮᠠᠭ ᠶᠠᠰᠤᠳᠠᠨ ᠪᠠᠢ᠌ᠵᠤ ᠪᠢᠯᠡ᠃ ᠲᠤᠮᠳᠠᠳᠤ ᠵᠠᠭᠤᠨ ᠤ ᠦᠶ᠎ᠡ ᠳᠤ ᠲᠠᠲ᠋ᠠᠷ᠂ ᠨᠠᠢᠮᠠᠨ᠂ ᠬᠡᠷᠡᠢ᠌ᠳ᠂ ᠲᠠᠢ᠌ᠴᠢᠭᠤᠳ᠂ ᠪᠤᠷᠢᠶᠠᠳ᠂ ᠥᠭᠡᠯᠡᠳ ᠁ ᠵᠡᠷᠭᠡ 100 ᠭᠠᠷᠤᠢ ᠠᠢ᠌ᠮᠠᠭ ᠪᠠᠢ᠌ᠪᠠ᠃ ᠤᠳᠤ ᠦᠶ᠎ᠡ ᠳᠤ ᠮᠤᠩᠭ᠋ᠤᠯ ᠤᠯᠤᠰ᠂ ᠦᠪᠦᠷ ᠮᠤᠩᠭ᠋ᠤᠯ᠂ ᠲᠠᠭᠤᠷ ᠮᠤᠩᠭ᠋ᠤᠯ᠂ ᠴᠠᠭᠠᠨ ᠮᠤᠩᠭ᠋ᠤᠯ᠂ ᠪᠤᠷᠢᠶᠠᠳ ᠮᠤᠩᠭ᠋ᠤᠯ᠂ ᠤᠷᠢᠶᠠᠩᠬᠠᠢ ᠮᠤᠩᠭ᠋ᠤᠯ᠂ ᠲᠡᠭᠡᠳᠦ ᠮᠤᠩᠭ᠋ᠤᠯ᠂ ᠶᠡᠬᠡ ᠮᠤᠩᠭ᠋ᠤᠯ᠂ ᠤᠢ᠌ᠷᠠᠳ ᠮᠤᠩᠭ᠋ᠤᠯ᠂ ᠬᠠᠯᠢᠮᠠᠭ ᠮᠤᠩᠭ᠋ᠤᠯ᠂ ᠶᠦᠨᠨᠠᠨ ᠮᠤᠩᠭ᠋ᠤᠯ᠂ ᠰᠸᠴᠤᠸᠠᠨ ᠮᠤᠩᠭ᠋ᠤᠯ᠂ ᠱᠠᠩᠬᠠᠢ ᠮᠤᠩᠭ᠋ᠤᠯ᠂ ᠪᠡᠬᠡᠵᠢᠩ ᠮᠤᠩᠭ᠋ᠤᠯ᠂ ᠲᠠᠢ᠌ᠸᠠᠨ ᠮᠤᠩᠭ᠋ᠤᠯ ᠁ ᠵᠡᠷᠭᠡ 100 ᠭᠠᠷᠤᠢ ᠤᠯᠤᠰ ᠤᠷᠤᠨ ᠳᠤ ᠲᠠᠷᠬᠠᠵᠤ ᠪᠤᠢ᠃ ᠡᠢ᠌ᠮᠦ ᠡᠴᠡ ᠮᠤᠩᠭ᠋ᠤᠯ ᠦᠨᠳᠦᠰᠦᠳᠡᠨ ᠪᠤᠯ ᠤᠯᠠᠨ ᠮᠤᠩᠭ᠋ᠤᠯ ᠠᠢ᠌ᠮᠠᠭ ᠶᠢᠡᠷ ᠪᠦᠷᠢᠯᠳᠦᠭᠰᠡᠨ ᠪᠠᠢ᠌ᠨ᠎ᠠ᠃ ᠮᠤᠩᠭ᠋ᠤᠯ ᠪᠤᠯ ᠶᠡᠷᠦᠩᠬᠡᠢ ᠨᠡᠷᠡᠢ᠌ᠳᠦᠯ᠂ ᠬᠤᠷᠢᠶᠠᠩᠭ᠋ᠤᠢ ᠨᠡᠷᠡᠢ᠌ᠳᠦᠯ ᠪᠤᠯᠠᠢ᠂ ᠴᠦᠮ ᠮᠤᠩᠭ᠋ᠤᠯ ᠦᠨᠳᠦᠰᠦᠳᠡᠨ᠂ ᠮᠤᠩᠭ᠋ᠤᠯ ᠬᠦᠮᠦᠨ ᠪᠤᠯᠬᠤ ᠰᠠᠨ᠃
Original Literature View Original Paper
出自 中国蒙古学 2011年 第3期

联系我们


内蒙古大学图书馆
呼和浩特市大学西路235号
中国·内蒙古
P: (0471) 4992561
E: huangfeilong@imu.edu.cn