Paper Information


Title ᠮᠤᠩᠭᠤᠯ ᠶᠠᠳᠤᠭ᠎ᠠ ᠶᠢᠨ ᠦᠪ ᠤᠯᠠᠮᠵᠢᠯᠠᠯ ᠢ ᠬᠠᠢᠨ ᠰᠦᠪᠡᠭᠴᠢᠯᠡᠬᠦ ᠨᠢ
Creator ᠡᠷᠳᠡᠨᠢ
Keyword ᠮᠤᠩᠭᠤᠯ ᠶᠠᠳᠤᠭ᠎ᠠ; ᠠᠮᠠᠨ ᠤᠯᠠᠮᠵᠢᠯᠠᠯ; ᠲᠡᠤᠭᠡᠨ ᠲᠠᠮᠳᠡᠭᠯᠡᠯ; ᠬᠦᠭᠯᠡᠬᠦ ᠠᠷᠭ᠎ᠠ; ᠵᠠᠯᠭᠠᠮᠵᠢᠯᠠᠯ ᠲᠡᠯᠭᠡᠷᠡᠬᠦᠯᠦᠯ;ᠬᠦᠭᠵᠢᠮᠳᠡᠬᠦ
Abstract ᠮᠤᠩᠭᠤᠯ ᠦᠨᠳᠤᠰᠤᠳᠡᠨ ᠤ ᠴᠢᠪᠬᠠᠳᠠᠯᠳᠤ ᠬᠦᠭᠵᠢᠮ ᠤᠨ ᠵᠢᠮᠰᠡᠩ ᠤᠨ ᠨᠢᠭᠡᠨ ᠵᠤᠢᠯ ᠪᠤᠯ ᠮᠤᠩᠭᠤᠯ ᠶᠠᠳᠤᠭ᠎ᠠ ᠶᠤᠮ᠃ ᠮᠤᠩᠭᠤᠯ ᠶᠠᠳᠤᠭ᠎ᠠ ᠶᠢᠨ ᠡᠬᠦᠰᠤᠯ ᠤᠨ ᠲᠤᠬᠠᠢ ᠰᠤᠨᠢᠨ ᠰᠠᠢᠬᠠᠨ ᠠᠷᠠᠳ ᠤᠨ ᠠᠮᠠᠨ ᠤᠯᠠᠮᠵᠢᠯᠠᠯ ᠪᠠᠢᠳᠠᠭ᠃ ᠲᠡᠷᠡ ᠬᠦ ᠠᠮᠠᠨ ᠤᠯᠠᠮᠵᠢᠯᠠᠯ ᠡᠴᠨ ᠮᠤᠩᠭᠤᠯ ᠶᠠᠳᠤᠭ᠎ᠠ ᠠᠩᠭ᠎ᠠ ᠲᠤᠯᠤᠭᠠᠨ ᠴᠢᠪᠬᠠᠳᠠᠰᠤ ᠲᠠᠢ ᠬᠦᠭᠵᠢᠮ ᠤᠨ ᠵᠢᠮᠰᠡᠩ ᠪᠠᠢᠭᠰᠠᠨ ᠭᠡᠳᠡᠭ ᠢ ᠤᠯᠵᠤ ᠮᠡᠳᠡᠳᠡᠭ᠃ ᠮᠤᠩᠭᠤᠯ ᠶᠠᠳᠤᠭ᠎ᠠ ᠤᠢᠷᠠᠳ ᠤᠨ ᠦᠯᠢᠭᠡᠷ᠂ ᠲᠤᠮᠤᠭ᠂ ᠲᠤᠤᠯᠢ ᠶᠢᠨ ᠬᠦᠦᠷᠨᠢᠯ ᠪᠡ ᠲᠦᠷᠰᠦᠯᠡᠯ᠂16 ᠳ᠋ᠤᠭᠠᠷ ᠵᠠᠭᠤᠨ ᠤ ᠰᠦᠮ᠎ᠡ ᠬᠡ᠋ᠢ᠋ᠳ ᠤᠨ ᠬᠠᠨ᠎ᠠ ᠶᠢᠨ ᠵᠢᠷᠤᠭ ᠬᠢᠭᠡᠳ ᠬᠢᠳᠡᠳ ᠲᠡᠤᠭᠡᠨ ᠰᠤᠷᠪᠤᠯᠵᠢ ᠪᠢᠴᠢᠭ ᠲᠤ ᠪᠦᠷ ᠲᠡᠮᠳᠡᠭᠯᠡᠭᠳᠡᠨ ᠦᠯᠡᠳᠡᠭᠰᠡᠨ ᠪᠠᠢᠨ᠎ᠠ᠃ ᠮᠤᠩᠭᠤᠯ ᠶᠠᠳᠤᠭ᠎ᠠ ᠶᠢᠨ ᠬᠡᠯᠪᠡᠷᠢ ᠶᠠᠩᠵᠦ᠂ ᠲᠡᠪᠬᠡ ᠶᠢᠨ ᠪᠠᠢᠷᠢᠯᠡᠯ᠂ ᠬᠦᠭᠯᠡᠬᠦ ᠠᠷᠭ᠎ᠠ᠂ ᠦᠪ ᠤᠯᠠᠮᠵᠢᠯᠠᠯ ᠵᠢᠴᠢ ᠲᠡᠬᠦᠨ ᠤ ᠵᠠᠯᠭᠠᠮᠵᠢᠯᠠᠯ ᠤᠯᠠᠮᠵᠢᠯᠠᠯ ᠨᠢ ᠦᠪᠡᠷ ᠤᠨ ᠬᠡᠬᠦ ᠦᠪᠡᠷᠮᠢᠴᠡ ᠤᠨᠴᠠᠯᠢᠭ ᠲᠠᠢ ᠪᠠᠢᠳᠠᠭ᠃ ᠲᠡᠤᠭᠡᠨ ᠲᠡᠭᠡᠷᠡᠬᠢ ᠮᠤᠩᠭᠤᠯ ᠶᠠᠳᠤᠭ᠎ᠠ ᠶᠠᠷᠤ ᠨᠢ ᠵᠢᠷᠭᠤᠭᠠᠨ ᠴᠢᠪᠬᠠᠳᠠᠰᠤ᠂ ᠲᠤᠯᠤᠭᠠᠨ ᠴᠢᠪᠬᠠᠳᠠᠰᠤ᠂ ᠨᠠᠢᠮᠠᠨ ᠴᠢᠪᠬᠠᠳᠠᠰᠤ᠂ ᠠᠷᠪᠡᠨ ᠴᠢᠪᠬᠠᠳᠠᠰᠤ᠂ ᠠᠷᠪᠠᠨ ᠬᠤᠶᠠᠷ ᠴᠢᠪᠬᠠᠳᠠᠰᠤ᠂ ᠠᠷᠪᠠᠨ ᠭᠤᠷᠪᠠᠨ ᠴᠢᠪᠬᠠᠳᠠᠰᠤ᠂ ᠠᠷᠪᠠᠨ ᠲᠦᠷᠪᠡᠨ ᠴᠢᠪᠬᠠᠳᠠᠰᠤ᠂ ᠠᠷᠪᠡᠨ ᠵᠢᠷᠭᠤᠭᠠᠨ ᠴᠢᠪᠬᠠᠳᠠᠰᠤ ᠲᠠᠢ ᠬᠡᠪ ᠶᠠᠩᠵᠦ ᠪᠠᠶᠠᠯᠢᠭ ᠬᠦᠭᠵᠢᠮ ᠤᠨ ᠵᠢᠮᠰᠡᠭ ᠪᠠᠢᠭᠰᠠᠨ ᠶᠤᠮ᠃ ᠭᠡᠪᠡᠴᠶ ᠤᠳᠤ ᠦᠶ᠎ᠡ ᠳᠤ ᠤᠯᠠᠮᠵᠢᠯᠠᠭᠳᠠᠵᠦ ᠢᠷᠡᠬᠦ ᠳ᠋ᠡᠭᠡᠨ ᠠᠷᠪᠠᠨ ᠴᠢᠪᠬᠠᠳᠠᠰᠤ᠂ ᠠᠷᠪᠡᠨ ᠬᠤᠶᠠᠷ ᠴᠢᠪᠬᠠᠳᠠᠰᠤ᠂ ᠠᠷᠪᠠᠨ ᠭᠤᠷᠪᠠᠨ ᠴᠢᠪᠬᠠᠳᠠᠰᠤ ᠲᠠᠢ ᠯᠡ ᠦᠯᠡᠳᠡᠵᠡᠢ᠃ ᠮᠤᠩᠭᠤᠯ ᠶᠠᠳᠤᠭ᠎ᠠ ᠶᠢᠨ ᠬᠦᠭᠵᠢᠮᠳᠡᠯ ᠨᠢ ᠮᠤᠩᠭᠤᠯ ᠠᠷᠠᠳ ᠤᠨ ᠲᠠᠭᠤᠤ ᠲᠠᠢ ᠲᠤᠩ ᠬᠠᠪᠤᠯᠢᠭ ᠵᠤᠬᠢᠴᠠᠨ ᠨᠠᠢᠯᠡᠳᠡᠭ᠌ ᠮᠦᠷᠳᠡᠭᠡᠨ ᠡᠷᠳᠡᠨ ᠡᠴᠨ ᠤᠯᠠᠨᠮᠵᠢᠯᠠᠭᠰᠠᠨ ᠬᠦᠭᠵᠢᠮᠳᠡᠬᠦ ᠲᠤᠳᠤᠷᠬᠠᠢ ᠠᠶ᠎ᠠ ᠲᠠᠭᠤᠤ ᠲᠠᠢ ᠪᠠᠢᠵᠡᠢ᠃ ᠎
Original Literature View Original Paper
出自 中国蒙古学 2014年 第6期

联系我们


内蒙古大学图书馆
呼和浩特市大学西路235号
中国·内蒙古
P: (0471) 4992561
E: huangfeilong@imu.edu.cn