Title |
ᠢᠯᠢ ᠶᠢᠨ ᠭᠤᠤᠯ ᠤᠨ ᠲᠡᠭᠡᠳᠦ ᠤᠷᠤᠰᠬᠠᠯ ᠲᠠᠭᠤ ᠣᠷᠤᠨ ᠳᠤ ᠬᠠᠳᠠᠭᠠᠯᠠᠭᠳᠠᠵᠤ ᠪᠠᠢᠭ᠎ᠠ ᠲᠣᠲᠤ ᠦᠰᠦᠭ ᠤᠨ ᠲᠤᠷᠠᠰᠬᠠᠯᠲᠤ ᠪᠢᠴᠢᠭ᠌ ᠤᠨ ᠰᠣᠳᠤᠯᠭᠠᠨ ᠳᠤ ᠬᠣᠯᠪᠤᠭᠳᠠᠬᠤ ᠬᠡᠳᠦᠨ ᠠᠰᠠᠭᠤᠲᠠᠯ |
Creator |
ᠮᠢᠩᠭ᠋ᠠᠳ ᠡᠷᠳᠡᠮᠲᠦ |
Keyword |
ᠢᠯᠢ ᠶᠢᠨ ᠭᠤᠤᠯ ᠤᠨ ᠲᠡᠭᠡᠳᠦ ᠤᠷᠤᠰᠬᠠᠯ; ᠲᠣᠲᠤ ᠦᠰᠦᠭ ᠤᠨ ᠲᠤᠷᠠᠰᠬᠠᠯᠲᠤ ᠪᠢᠴᠢᠭ᠌; ᠦᠭᠡᠯᠡᠦᠨᠴᠦᠳ |
Abstract |
ᠬᠡᠭᠡᠷ ᠡ ᠶᠢᠨ ᠰᠢᠨᠵᠢᠯᠡᠭᠡᠨ ᠤ ᠶᠠᠪᠤᠴᠠ ᠳᠤ ᠨᠠᠮᠠᠢᠢ ᠬᠠᠮᠤᠭ ᠡᠴᠡ ᠶᠡᠬᠡ ᠭᠠᠢᠢᠬᠠᠰᠢ ᠠᠯᠳᠠᠭᠤᠯᠤᠭᠰᠠᠨ ᠨᠢ ᠢᠯᠢ ᠶᠢᠨ ᠭᠤᠤᠯ ᠤᠨ ᠲᠡᠭᠡᠲᠦ ᠤᠷᠤᠰᠬᠠᠯ ᠲᠠᠭᠤ ᠣᠷᠤᠨ ᠳᠤ ᠨᠤᠲᠤᠭᠯᠠᠵᠤ ᠪᠠᠢᠢᠭ᠋ ᠠ ᠦᠭᠡᠯᠡᠳ ᠮᠣᠩᠭ᠋ᠤᠯᠴᠤᠳ ᠤᠨ ᠬᠠᠳᠠᠭᠠᠯᠠᠵᠤ ᠪᠠᠢᠢᠭ᠋ ᠠ ᠲᠣᠳᠤ ᠦᠰᠦᠭ ᠤᠨ ᠲᠤᠷᠠᠰᠬᠠᠯᠲᠤ ᠪᠢᠴᠢᠭ᠌ ᠢᠢᠡᠷ ᠭᠤᠤᠯᠳᠠᠭᠰᠠᠨ ᠡᠷᠲᠡᠨ ᠤ ᠰᠣᠳᠤᠷ ᠨᠣᠮ ᠤᠳ ᠪᠣᠯᠤᠨ᠌ ᠠ᠃ ᠮᠣᠩᠭ᠋ᠤᠯᠬᠦᠷᠢᠶ ᠡ ᠰᠢᠶᠠᠨ ᠤ ᠮᠣᠩᠭᠤᠯᠬᠦᠷᠢᠶ ᠠ ᠪᠠᠯᠭᠠᠰᠤ᠂ᠬᠠᠷᠭᠠᠨᠠᠲᠤ(ᠴᠡᠷᠢᠭ ᠤᠨ ᠠᠭᠲᠠ ᠲᠢᠨ ᠲᠠᠯᠠᠪᠠᠢ)᠂ ᠤᠷᠲᠤᠪᠣᠯᠠᠭ ᠰᠣᠮᠤ᠂ ᠲᠤᠭᠤᠯᠴᠢᠨ ᠪᠣᠯᠠᠭ᠂ᠴᠠᠭᠠᠨᠤᠰᠤᠨ ᠰᠣᠮᠤ᠂ᠱᠠᠲᠤ ᠬᠢᠷᠬᠢᠰ ᠦᠨᠳᠦᠰᠦᠲᠡᠨ ᠤ ᠰᠣᠮᠤ᠂ᠬᠣᠰᠤᠮᠲᠤ ᠬᠠᠷᠠᠰᠨ ᠰᠣᠮᠤ᠂ ᠰᠠᠢᠢᠬᠠᠨ ᠲᠣᠬᠤᠢ᠂ᠢᠯᠢ ᠶᠢᠨ ᠡᠭᠦᠯᠳᠡᠷ ᠮᠣᠷᠢᠨ ᠤ ᠲᠠᠯᠠᠪᠡᠢ᠂74.76 ᠳ᠋ᠤᠭᠠᠷ ᠲᠤᠸᠠᠨ᠂ ᠡᠭᠢᠯᠳᠡᠷ ᠬᠤᠨᠢᠨ ᠤ ᠲᠠᠯᠠᠪᠠᠢ; ᠲᠡᠭᠡᠰ ᠰᠢᠶᠠᠨ ᠤ ᠪᠠ ᠭᠤᠸ᠎ᠠ ᠪᠠᠯᠭᠠᠰᠤ᠂ ᠬᠤᠵᠢᠷᠲᠤ ᠰᠤᠮᠤ᠂ᠨᠢᠴᠦᠭᠦᠨ ᠤ ᠰᠣᠮᠤ(ᠬᠣᠶᠠᠳᠤᠭᠠᠷ ᠰᠣᠮᠤ); ᠴᠠᠪᠴᠢᠶᠠᠯ ᠤᠨ ᠦᠭᠡᠷᠴᠢ(ᠨᠠᠢᠮᠠᠳᠤᠭᠠᠷ ᠯᠢᠶᠠᠨ)᠂ᠰᠦᠨ ᠲᠠᠯᠠᠪᠠᠢ; ᠨᠢᠯᠬ ᠠ ᠶᠢᠨ ᠤᠯᠢᠶᠠᠰᠤᠲᠠᠢ ᠰᠣᠮᠤ; ᠬᠤᠵᠢᠷᠲᠤ ᠰᠤᠮᠤ᠂ ᠬᠦᠬᠡᠬᠣᠲᠤᠭᠤᠷ ᠰᠣᠮᠣ᠂ ᠲᠣᠭᠤᠰᠲᠠᠷᠢᠶ ᠠ ᠶᠢᠨ ᠬᠦᠬᠡ ᠲᠠᠯ ᠠ᠂ᠢᠨᠢᠩ ᠰᠢᠶᠠᠨ ᠤ ᠢᠤᠢ ᠱᠦ ᠵᠡᠷᠭᠡ ᠪᠣᠯ ᠦᠭᠡᠯᠡᠳᠴᠦᠳ ᠤᠨ ᠰᠣᠳᠤᠷ ᠬᠠᠳᠠᠭᠠᠯᠠᠵᠤ ᠪᠢᠢᠢᠭ ᠠ ᠴᠢᠬᠤᠯᠠ ᠭᠠᠵᠠᠷ ᠤᠳ ᠪᠣᠯᠤᠨ᠌ ᠠ᠃ ᠵᠠᠷᠢᠮ ᠬᠦᠮᠦᠨ ᠬᠣᠶᠠᠷ ᠵᠠᠭᠤᠨ ᠰᠣᠳᠤᠷ ᠲᠠᠢ᠂ ᠵᠠᠷᠢᠮ ᠬᠦᠮᠦᠨ ᠵᠠᠭᠤ ᠭᠠᠷᠤᠢ ᠰᠣᠳᠤᠷ ᠲᠠᠢ᠂ᠬᠡᠳᠦᠨ ᠠᠷᠪᠠᠨ ᠰᠣᠳᠤᠷ ᠲᠠᠢ ᠬᠦᠮᠦᠨ ᠲᠡᠨᠲᠡ ᠰᠣᠨᠢᠨ ᠪᠢᠰᠢ᠃ ᠲᠡᠨᠳᠡ ᠬᠠᠳᠠᠭᠠᠯᠠᠵᠤ ᠪᠠᠢᠢᠭ᠋ ᠠ ᠲᠣᠳᠤ ᠮᠣᠩᠭ᠋ᠤᠯ ᠨᠣᠮ ᠰᠣᠳᠤᠷ ᠤᠳ ᠲᠠᠪᠬᠤᠷᠳᠠᠭᠰᠠᠨ ᠲᠣᠭ᠋ ᠠ ᠪᠡᠷ ᠬᠡᠳᠦᠨ ᠮᠢᠩᠭ᠋ ᠠ ᠳᠣ ᠬᠦᠷᠴᠦ ᠪᠠᠢᠢᠭ᠋ ᠠ ᠪᠦᠭᠡᠳ ᠲᠤᠮᠳᠠᠳᠤ ᠤᠯᠤᠰ ᠤᠨ ᠠᠯᠪᠠᠨ ᠤ ᠬᠠᠳᠠᠭᠠᠯᠠᠯᠲᠠ ᠡᠴᠡ ᠪᠦᠷ ᠴᠦ ᠬᠡᠴᠢᠨᠡᠨ ᠲᠠᠬᠢᠨ ᠢᠢᠡᠷ ᠢᠯᠡᠭᠦᠦ ᠪᠠᠢᠢᠯ ᠠ᠃ ᠲᠡᠨᠳᠡ 18 ᠳ᠋ᠤᠭᠠᠷ ᠵᠠᠭᠤᠨ ᠳᠤ ᠬᠠᠯᠢᠮᠠᠭ ᠲᠤ ᠬᠡᠪᠯᠡᠯᠭᠰᠡᠨᠬᠠᠮᠤᠭ ᠡᠷᠲᠡᠨ ᠤ ᠮᠣᠳᠤᠨ ᠪᠠᠷ ᠤᠨ 《ᠠᠯᠲᠠᠨᠭᠡᠷᠡᠯ》᠂1742 ᠣᠨ ᠳᠤ ᠭᠠᠯᠳᠠᠨᠴᠠᠷᠢᠩ ᠬᠠᠨ ᠤ ᠦᠶ ᠡ ᠳᠤ ᠮᠣᠳᠤᠨ ᠪᠠᠷ ᠢᠢᠡᠷ ᠬᠡᠪᠯᠡᠭᠳᠡᠭᠰᠡᠨ ᠲᠣᠮᠳᠠᠳᠤ ᠤᠯᠤᠯᠰ ᠲᠤ ᠬᠠᠳᠠᠭᠠᠯᠠᠵᠤ ᠪᠠᠢᠢᠭ᠋ ᠠᠬᠠᠮᠤᠭ ᠡᠷᠲᠡᠨ ᠤ ᠲᠣᠳᠤ ᠮᠣᠳᠤᠨ ᠪᠠᠷ ᠤᠨ 《ᠨᠠᠢᠢᠮᠠᠨ ᠮᠢᠩᠭ᠋ᠠᠲᠤ》᠁ ᠵᠡᠷᠭᠡ ᠮᠠᠰᠢ ᠣᠯᠠᠨ ᠬᠣᠪᠤᠷ ᠴᠣᠬᠠᠢ ᠰᠣᠳᠤᠷ ᠨᠣᠮ ᠨᠠᠨᠳᠢᠩᠨᠠᠨ ᠬᠠᠳᠠᠭᠠᠯᠠᠭᠳᠠᠵᠤ ᠪᠣᠢ᠃ ᠣᠳᠦ ᠪᠣᠯᠲᠠᠯ ᠠ ᠮᠡᠳᠡᠭᠳᠡᠵᠦ ᠪᠠᠢᠢᠭ᠋ ᠠ ᠪᠡᠷ ᠢᠯᠢ ᠶᠢᠨ ᠦᠭᠡᠯᠡᠳ ᠮᠣᠩᠭ᠋ᠤᠯᠴᠤᠳ ᠣᠯᠠᠨ ᠤᠯᠤᠰ ᠤᠨ ᠬᠡᠪᠴᠢᠶᠡᠨ ᠳᠤ ᠲᠣᠳᠤ ᠦᠰᠦᠭ ᠤᠨ ᠨᠣᠮ ᠰᠣᠳᠤᠷ ᠢ ᠬᠠᠮᠤᠭ ᠤᠨ ᠣᠯᠠᠨ ᠬᠠᠳᠠᠭᠠᠯᠠᠵᠤ ᠪᠠᠢᠢᠭ᠋ ᠠ ᠪᠣᠶᠠᠨᠲᠤ ᠬᠦᠮᠦᠰ ᠤᠳ ᠪᠠᠢᠢᠭ᠋ ᠠ ᠶᠣᠮ᠃ |
Original Literature |
View Original Paper
|
出自 |
中国蒙古学
2012年
第4期
|