Title |
ᠮᠣᠩᠭᠤᠯ ᠠᠮᠠᠨ ᠵᠤᠬᠢᠶᠠᠯ ᠤᠨ ᠡᠷᠳᠡᠮ ᠰᠢᠨᠵᠢᠯᠡᠭᠡᠨ ᠦ ᠲᠧᠺᠰᠲ᠋ ᠢ ᠡᠮᠬᠢᠯᠡᠨ ᠨᠡᠢ᠌ᠢᠲᠡᠯᠡᠬᠦ ᠠᠷᠭ᠎ᠠ ᠵᠦᠢ ᠶᠢᠨ ᠠᠰᠠᠭᠤᠳᠠᠯ ᠳᠤ |
Creator |
ᠪᠠ᠂ ᠪᠦᠬᠡᠴᠢᠯᠠᠭᠤ |
Keyword |
ᠮᠣᠩᠭᠤᠯ ᠠᠮᠠᠨ ᠵᠤᠬᠢᠶᠠᠯ; ᠡᠷᠳᠡᠮ ᠰᠢᠨᠵᠢᠯᠡᠭᠡᠨ ᠦ ᠲᠧᠺᠰᠲ᠋; ᠴᠤᠭᠯᠠᠭᠤᠯᠤᠨ ᠡᠮᠬᠢᠳᠭᠡᠬᠦ ᠠᠷᠭ᠎ᠠ ᠵᠦᠢ |
Abstract |
ᠠᠷᠠᠳ ᠤᠨ ᠠᠮᠠᠨ ᠤᠷᠠᠯᠢᠭᠴᠢ ᠶᠢᠨ ᠪᠦᠲᠦᠭᠡᠯ ᠢ ᠲᠡᠷᠡ ᠬᠡᠪ ᠢᠶᠡᠷ ᠨᠢ ᠪᠢᠰᠢ ᠬᠠᠷᠢᠨ ᠶᠠᠮᠠᠷ ᠨᠢᠭᠡᠨ ᠬᠡᠮᠵᠢᠶ᠎ᠡ ᠪᠡᠷ ᠵᠠᠰᠠᠯᠲᠠ ᠣᠷᠤᠭᠤᠯᠵᠤ ᠨᠡᠢ᠌ᠲᠡᠯᠡᠬᠦ ᠨᠢ ᠴᠠᠭ ᠦᠶ᠎ᠡ ᠶᠢᠨ ᠢᠶᠡᠨ ᠳᠦᠷᠦᠳᠡᠰᠦ᠂ ᠲᠡᠦᠬᠡᠨ ᠤᠯᠠᠮᠵᠢᠯᠠᠯ᠂ ᠤᠳᠬ᠎ᠠ ᠤᠷᠠᠯᠢᠭ ᠤᠨ ᠨᠢᠭᠡᠨ ᠬᠡᠯᠪᠡᠷᠢ ᠪᠦᠭᠡᠳ ᠮᠡᠨᠡᠢ᠌ᠬᠢᠨ ᠳᠦ ᠨᠢᠭᠡᠨ ᠦᠶ᠎ᠡ ᠤᠯᠤᠰ ᠲᠦᠷᠦ ᠶᠢᠨ ᠵᠤᠬᠢᠬᠤ ᠠᠷᠭ᠎ᠠ ᠬᠡᠷᠡᠭᠯᠡᠭᠦᠷ ᠪᠤᠯᠵᠤ ᠪᠠᠢ᠌ᠭᠰᠠᠨ ᠪᠢᠯᠡ᠃ ᠲᠡᠷᠡ ᠨᠢ ᠬᠡᠳᠦᠢ᠌ᠪᠡᠷ ᠵᠠᠷᠢᠮ ᠬᠡᠷᠡᠭᠴᠡᠭᠡ ᠱᠠᠭᠠᠷᠳᠠᠯᠭ᠎ᠠ ᠶᠢ ᠬᠠᠩ᠋ᠭᠠᠵᠤ ᠪᠠᠢ᠌ᠭᠰᠠᠨ ᠪᠤᠯᠪᠠᠴᠤ ᠤᠭ ᠪᠦᠲᠦᠭᠡᠯ ᠦᠨ ᠤᠤᠭᠠᠨ ᠰᠢᠨᠵᠢ ᠶᠢ ᠶᠠᠮᠠᠷ ᠨᠢᠭᠡᠨ ᠬᠡᠮᠵᠢᠶ᠎ᠡ ᠪᠡᠷ ᠠᠯᠳᠠᠭᠳᠠᠭᠤᠯᠵᠤ᠂ ᠢᠩᠭᠢᠭᠡᠳ ᠲᠡᠳᠡᠭᠡᠷ ᠠᠮᠠᠨ ᠤᠯᠠᠮᠵᠢᠯᠠᠯ ᠤᠨ ᠨᠡᠢ᠌ᠲᠡᠯᠡᠯ ᠨᠢ ᠮᠦᠨ ᠴᠢᠨᠠᠷ ᠳᠡᠭᠡᠷ᠎ᠡ ᠪᠡᠨ ᠠᠷᠠᠳ ᠤᠨ ᠤᠷᠠᠯᠢᠭᠴᠢ ᠶᠢᠨ ᠬᠤᠪᠢ ᠬᠦᠮᠦᠨ ᠦ ᠪᠦᠲᠦᠭᠡᠯ ᠪᠤᠰᠤ᠂ ᠬᠠᠷᠢᠨ ᠦᠭᠡᠷ᠎ᠡ ᠪᠤᠰᠤᠳ ᠲᠠᠢ 《ᠬᠠᠮᠲᠤᠷᠠᠭᠰᠠᠨ》ᠪᠦᠲᠦᠭᠡᠯ ᠪᠤᠯᠳᠠᠭ᠃ ᠵᠠᠷᠢᠮ ᠨᠢ ᠤᠤᠯ ᠵᠤᠬᠢᠶᠠᠭᠴᠢ ᠶᠢᠨ ᠬᠡᠪ ᠨᠠᠮᠪᠠ ᠶᠢ ᠨᠡᠯᠢᠶᠡᠳ ᠰᠠᠢ᠌ᠨ ᠬᠠᠳᠠᠭᠠᠯᠠᠭᠰᠠᠨ ᠪᠠᠢ᠌ᠬᠤ ᠳᠤ ᠵᠠᠷᠢᠮ ᠨᠢ ᠬᠠᠷᠢᠨ ᠨᠡᠯᠢᠶᠡᠳ ᠬᠠᠵᠠᠢ᠌ᠯᠭᠠᠴᠢᠬᠠᠭᠰᠠᠨ ᠪᠠᠢ᠌ᠳᠠᠭ᠃ ᠡᠢ᠌ᠮᠦ ᠨᠡᠢ᠌ᠲᠡᠯᠡᠯ ᠢ ᠡᠷᠳᠡᠮ ᠰᠢᠨᠵᠢᠯᠡᠭᠡᠨ ᠦ ᠡᠬᠡ ᠬᠡᠷᠡᠭᠯᠡᠭᠳᠡᠭᠦᠨ ᠪᠤᠯᠭᠠᠵᠤ ᠠᠰᠢᠭᠯᠠᠬᠤ ᠳᠤ ᠨᠡᠢ᠌ᠲᠡᠪᠦᠷᠢ ᠦᠭᠡᠢ ᠪᠦᠭᠡᠳ ᠵᠤᠬᠢᠶᠠᠭᠴᠢ ᠶᠢᠨ ᠡᠷᠬᠡ ᠶᠢᠨ ᠵᠤᠭᠰᠤᠯᠲᠠ ᠠᠴᠠ ᠦᠵᠡᠬᠦ ᠳᠦ ᠴᠦ ᠵᠤᠬᠢᠰ ᠦᠭᠡᠢ ᠶᠤᠮ᠃ ᠦᠭᠦᠯᠡᠯ ᠳᠦ ᠠᠮᠠᠨ ᠵᠤᠬᠢᠶᠠᠯ ᠤᠨ ᠦᠰᠦᠭ ᠪᠢᠴᠢᠭ᠌ ᠲᠦ ᠲᠮᠳᠡᠭᠯᠡᠭᠳᠡᠭᠰᠡᠨ ᠲᠡᠦᠬᠡ ᠶᠢ ᠡᠷᠭᠢᠴᠡᠭᠦᠯᠵᠦ᠂ ᠦᠩᠭᠡᠷᠡᠭᠰᠡᠨ ᠦ ᠠᠮᠠᠨ ᠵᠤᠬᠢᠶᠠᠯ ᠴᠤᠭᠯᠠᠭᠤᠯᠤᠨ ᠡᠮᠬᠢᠳᠭᠡᠬᠦ ᠲᠠᠯ᠎ᠠ ᠪᠠᠷ ᠬᠢ ᠠᠷᠭ᠎ᠠ ᠵᠦᠢ ᠶᠢᠨ ᠠᠯᠳᠠᠵᠤ ᠣᠨᠣᠭᠰᠠᠨ ᠢ ᠲᠤᠩ᠋ᠭᠠᠭᠠᠨ ᠰᠢᠭᠦᠮᠵᠢᠯᠡᠵᠦ᠂ ᠮᠣᠩ᠋ᠭᠤᠯ ᠠᠮᠠᠨ ᠵᠤᠬᠢᠶᠠᠯ ᠢ ᠰᠤᠷᠪᠤᠯᠵᠢᠯᠠᠨ ᠲᠡᠮᠳᠡᠭᠯᠡᠬᠦ ᠪᠡ ᠡᠷᠳᠡᠮ ᠰᠢᠨᠵᠢᠯᠡᠭᠡᠨ ᠦ ᠲᠧᠺᠰᠲ᠋ ᠡᠮᠬᠢᠯᠡᠨ ᠨᠡᠢ᠌ᠲᠡᠯᠡᠬᠦ ᠠᠷᠭ᠎ᠠ ᠵᠦᠢ ᠶᠢᠨ ᠱᠠᠭᠠᠷᠳᠠᠯᠭ᠎ᠠ ᠶᠢ ᠳᠤᠷᠠᠳᠤᠨ ᠭᠠᠷᠭᠠᠵᠠᠢ᠃ |
Original Literature |
View Original Paper
|
出自 |
中国蒙古学
2013年
第3期
|