Title |
《ᠲᠠᠩ ᠤᠯᠤᠰ ᠤᠨ ᠰᠢᠤᠸᠠᠢ ᠯᠢ ᠶᠢᠨ ᠵᠡᠬᠦᠨ ᠤ ᠲᠦᠪᠰᠢᠳᠭᠡᠭᠰᠡᠨ ᠪᠢᠴᠢᠭ》 ᠤᠨ ᠮᠣᠩᠭᠤᠯ ᠬᠢᠲᠠᠳ ᠲᠸᠺᠰᠲ ᠤᠨ ᠦᠢᠯᠡ ᠶᠠᠪᠤᠳᠠᠯ ᠤᠨ ᠬᠠᠷᠢᠴᠠᠭᠤᠯᠤᠯ |
Creator |
ᠵᠤᠤ ᠸᠸᠨ ᠯᠢᠨ |
Keyword |
《ᠲᠠᠩ ᠤᠯᠤᠰ ᠤᠨ ᠰᠢᠤᠸᠠᠢ ᠯᠢ ᠶᠢᠨ ᠵᠡᠬᠦᠨ ᠤ ᠲᠦᠪᠰᠢᠳᠭᠡᠭᠰᠡᠨ ᠪᠢᠴᠢᠭ》;ᠮᠣᠨᠭᠤᠯ ᠬᠢᠲᠠᠳ ᠲᠸᠺᠠᠰᠲ; ᠵᠣᠬᠢᠶᠠᠮᠵᠢ ᠶᠢᠨ ᠨᠡᠮᠡᠯᠲᠡ; ᠬᠠᠷᠢᠴᠠᠭᠤᠯᠤᠯ |
Abstract |
《ᠲᠠᠩ ᠤᠯᠤᠰ ᠤᠨ ᠰᠢᠤᠸᠠᠢ ᠯᠢ ᠶᠢᠨ ᠵᠡᠬᠦᠨ ᠤ ᠲᠦᠪᠰᠢᠳᠭᠡᠭᠰᠡᠨ ᠪᠢᠴᠢᠭ》 ᠤᠨ ᠮᠣᠩᠭᠤᠯ ᠬᠢᠲᠠᠳ ᠲᠸᠺᠰᠲ ᠵᠢ ᠬᠠᠷᠢᠴᠠᠭᠤᠯᠤᠨ ᠦᠵᠡᠪᠡᠯ᠂ ᠮᠣᠩᠭᠤᠯ ᠣᠷᠴᠢᠭᠤᠯᠤᠭᠴᠢᠳ ᠬᠢᠳᠡᠳ ᠵᠣᠬᠢᠶᠠᠯ ᠢ ᠣᠷᠴᠢᠭᠤᠯᠬᠤ ᠳ᠋ᠤ ᠪᠠᠨ ᠦᠨᠳᠦᠰᠦᠲᠡᠨ ᠤ ᠣᠩᠰᠢᠭᠴᠢᠳ ᠤᠨ ᠭᠤᠤ ᠠ ᠲᠠᠭᠠᠰᠢᠶᠠᠬᠤᠢ ᠪᠠ ᠦᠪᠡᠷ ᠤᠨ ᠬᠦᠰᠡᠯ ᠱᠠᠭᠠᠷᠳᠠᠯᠭ᠎ᠠ᠂ ᠲᠤᠷ ᠠ ᠪᠠᠬᠠᠷᠤᠯ ᠡᠴᠡ ᠪᠠᠨ ᠡᠭᠦᠰᠦᠨ ᠪᠸᠨᠰᠠᠨ ᠦᠯᠢᠭᠡᠷ ᠲᠦ ᠰᠢᠨ᠎ᠡ ᠪᠣᠶᠤ ᠨᠠᠷᠢᠯᠢᠭ ᠵᠦᠢᠯᠡᠰ ᠤᠨ ᠠᠭᠤᠯᠭ᠎ᠠ ᠵᠢ ᠨᠦᠬᠦᠪᠦᠷᠢᠯᠡᠨ ᠨᠡᠮᠡᠵᠦ ᠪᠢᠴᠢᠬᠦ ᠪᠡᠷ ᠲᠡᠮᠵᠢᠭᠤᠯᠤᠨ᠂ ᠤᠷᠴᠢᠭᠤᠯᠤᠭᠴᠢ ᠶᠢᠨ ᠤᠷ ᠠ ᠠᠪᠢᠶᠠᠰ ᠢᠢᠡᠨ ᠪᠠᠳᠠᠷᠠᠭᠤᠯᠬᠤ ᠪᠡᠷ ᠪᠠᠷᠠᠬᠤ ᠦᠭᠡᠢ ᠪᠠᠰᠠ ᠣᠷᠤᠨ ᠨᠤᠲᠤᠭ ᠤᠨ ᠣᠨᠴᠠᠯᠢᠭ ᠪᠦᠬᠦᠢ ᠪᠸᠨᠰᠡᠨ ᠦᠯᠢᠭᠡᠷ ᠢ ᠪᠤᠢ ᠪᠣᠯᠭᠠᠵᠤ ᠪᠸᠨᠰᠡᠨ ᠦᠯᠢᠭᠡᠷ ᠢ ᠨᠡᠩ ᠮᠣᠩᠭᠤᠯᠵᠢᠭᠤᠯᠳᠠᠭ ᠪᠠᠢᠨ᠎ᠠ᠃ ᠲᠤᠰ ᠦᠭᠦᠯᠡᠯ ᠳ᠋ᠤ ᠦᠨᠳᠦᠰᠦᠲᠡᠨ ᠤ ᠮᠣᠩᠭᠤᠯ ᠤᠷᠠᠨ ᠵᠣᠬᠢᠶᠠᠯ ᠨᠢ ᠬᠢᠲᠠᠳ ᠦᠨᠳᠦᠰᠦᠲᠡᠨ ᠤ ᠤᠷᠠᠨ ᠵᠣᠬᠢᠶᠠᠯ ᠢ ᠣᠷᠴᠢᠭᠤᠯᠭ᠎ᠠ ᠪᠡᠷ ᠲᠠᠮᠵᠢᠨ ᠬᠦᠯᠢᠶᠡᠨ ᠠᠪᠴᠤ ᠰᠢᠨ᠎ᠠ ᠵᠢ ᠡᠭᠦᠳᠬᠦ ᠳ᠋ᠤ ᠪᠠᠨ ᠶᠠᠮᠠᠷ ᠵᠢᠮ ᠠ ᠬᠠᠤᠯᠢ ᠪᠡᠷ ᠭᠦᠭᠵᠢᠨ ᠢᠷᠡᠭᠰᠡᠨ ᠢ ᠬᠠᠷᠢᠴᠠᠭᠤᠯᠤᠨ ᠰᠣᠳᠤᠯᠬᠤ ᠪᠡᠷ ᠲᠠᠮᠵᠢᠭᠤᠯᠤᠨ ᠮᠣᠩᠭᠤᠯ ᠬᠢᠳᠡᠳ ᠬᠤᠶᠠᠷ ᠦᠨᠳᠦᠰᠦᠲᠡᠨ ᠤ ᠰᠣᠶᠣᠯ ᠰᠡᠳᠬᠢᠬᠦᠢ ᠶᠢᠨ ᠣᠨᠴᠠᠯᠢᠭ ᠢ ᠨᠠᠷᠢᠪᠴᠢᠯᠠᠬᠤ ᠪᠡᠷ ᠤᠷᠤᠯᠳᠤᠪᠠ᠃ |
Original Literature |
View Original Paper
|
出自 |
赤峰学院学报(蒙文哲学社会科学版)
2015年
第2期
|