Title |
ᠤᠯᠠᠭᠠᠨᠬᠠᠳᠠ ᠶᠢᠨ ᠰᠤᠶᠤᠯ ᠤᠳ ᠲᠡᠬᠢ ᠭᠠᠬᠠᠢ ᠬᠢᠭᠡᠳ ᠮᠤᠷᠢᠨ ᠰᠢᠲᠦᠯᠭᠡ ᠶᠢᠨ ᠰᠤᠯᠢᠭᠳᠠᠯ ᠤᠨ ᠤᠴᠢᠷ |
Creator |
ᠳᠡᠯᠭᠡᠷ |
Keyword |
ᠬᠠᠭᠤᠴᠢ ᠰᠤᠳᠤᠯᠤᠯ; ᠭᠠᠬᠠ ᠮᠤᠷᠢᠨ ᠤ ᠰᠢᠲᠦᠯᠭᠡ ᠶᠢᠨ ᠰᠤᠯᠢᠭᠳᠠᠯ; ᠠᠵᠤ ᠠᠬᠤᠢ ᠶᠢᠨ ᠬᠡᠯᠪᠡᠷᠢ ᠶᠢᠨ ᠰᠤᠯᠢᠭᠳᠠᠯ |
Abstract |
ᠤᠯᠠᠭᠠᠨᠬᠠᠳᠠ ᠶᠢᠨ ᠰᠤᠶᠤᠯ ᠤᠳ ᠭᠡᠭ᠍ᠴᠢ ᠤᠯᠠᠭᠠᠨᠬᠠᠳᠠ ᠶᠢᠨ ᠰᠤᠶᠤᠯ ᠢᠶᠠᠷ ᠭᠤᠤᠯ ᠪᠤᠯᠭᠠᠭᠰᠠᠨ ᠳᠡᠭᠡᠭ᠍ᠰᠢ ᠳᠤᠷᠤᠭᠰᠢ ᠵᠢᠷᠭᠤᠭᠠᠨ ᠮᠢᠩ᠋ᠭᠠᠨ ᠵᠢᠯ ᠦᠨ ᠰᠤᠨᠳᠠᠯᠠᠭᠠ ᠲᠠᠢ ᠨᠢᠭᠡ ᠰᠢᠰᠲ᠋ᠧᠮ ᠤᠨ ᠣᠯᠠᠨ ᠰᠤᠶᠤᠯ ᠤᠨ ᠨᠡᠢ᠌ᠯᠡᠮᠵᠢ ᠶᠢ ᠵᠢᠭᠠᠵᠤ ᠪᠤᠢ᠃ ᠡᠳᠡᠭᠡᠷ ᠰᠤᠶᠤᠯ ᠤᠳ ᠢ ᠪᠦᠲᠦᠭᠡᠭ᠍ᠴᠢᠳ ᠡᠬᠢᠨ ᠡᠴᠡ ᠪᠡᠨ ᠠᠪᠤᠭᠠᠳ ᠨᠡᠯᠢᠶᠡᠳ ᠰᠡᠭᠦᠯᠴᠢ ᠪᠤᠯᠲᠠᠯ᠎ᠠ ᠶᠡᠷᠦᠨᠢ ᠭᠠᠬᠠᠢ ᠶᠢ ᠰᠢᠲᠦᠳᠡᠭ ᠪᠠᠢ᠌ᠭᠰᠠ ᠢᠶᠠᠨ ᠰᠡᠭᠦᠯᠡᠷ ᠨᠢ ᠬᠠᠷᠢᠨ ᠮᠤᠷᠢ ᠶᠢ ᠰᠢᠲᠦᠳᠡᠭ ᠪᠤᠯᠵᠤ ᠰᠤᠯᠢᠭᠳᠠᠭᠰᠠᠨ ᠪᠠᠢ᠌ᠨ᠎ᠠ᠃ ᠡᠨᠡ ᠨᠢ ᠡᠩ ᠦᠨ ᠨᠢᠭᠡᠨ ᠠᠮᠢᠲᠠᠨ ᠤ ᠰᠢᠲᠦᠯᠭᠡ ᠶᠢᠨ ᠰᠤᠯᠢᠭᠳᠠᠯ ᠪᠢᠰᠢ᠂ ᠬᠠᠷᠢᠨ ᠴᠠᠭᠠᠨ᠎ᠠ ᠪᠠᠨ ᠠᠵᠤ ᠠᠬᠤᠢ ᠶᠢᠨ ᠬᠡᠯᠪᠡᠷᠢ ᠶᠢᠨ ᠰᠤᠯᠢᠭᠳᠠᠯ ᠲᠠᠢ ᠬᠤᠯᠪᠤᠭᠳᠠᠭᠰᠠᠨ ᠬᠤᠪᠢᠷᠠᠯ ᠪᠤᠯᠬᠤ ᠪᠦᠭᠡᠳ ᠤᠯᠠᠭᠠᠨᠬᠠᠳᠠ ᠶᠢᠨ ᠰᠤᠶᠤᠯ ᠤᠳ ᠲᠠᠬᠢ ᠠᠵᠤ ᠠᠬᠤᠢ ᠶᠢᠨ ᠬᠡᠯᠪᠡᠷᠢ ᠶᠢᠨ ᠬᠦᠭ᠍ᠵᠢᠯ ᠤᠯᠠᠷᠢᠯ ᠤᠨ ᠶᠠᠪᠤᠴᠠ ᠨᠢ ᠮᠤᠷᠭᠠᠨ ᠬᠢᠭᠡᠳ ᠡᠩᠭᠧᠯᠰ ᠤᠨ ᠳᠤᠷᠠᠳᠤᠭᠰᠠᠨ ᠳᠤᠷᠤᠨᠠᠲᠤ ᠶᠢᠨ ᠠᠵᠤ ᠠᠬᠤᠢ ᠶᠢᠨ ᠬᠡᠯᠪᠡᠷᠢ ᠶᠢᠨ ᠬᠦᠭ᠍᠍ᠵᠢᠯ ᠰᠤᠯᠢᠭᠳᠠᠯ ᠤᠨ ᠳᠠᠷᠠᠭᠠᠯᠠᠯ ᠯᠤᠭ᠎ᠠ ᠠᠷᠠᠢ ᠦᠭᠡᠷ᠎ᠡ ᠶᠠᠪᠤᠴᠠ ᠲᠠᠢ ᠭᠡᠳᠡᠭ ᠢ ᠬᠠᠷᠠᠭᠤᠯᠵᠤ ᠪᠠᠢ᠌ᠨ᠎ᠠ᠃ |
Original Literature |
View Original Paper
|
出自 |
内蒙古社会科学(蒙文版)
2006年
第1期
|