Paper Information


Title 《ᠪᠠᠭᠠᠷᠢᠨ ᠭᠡᠰᠡᠷ》 ᠲᠡᠬᠢ ᠭᠢᠯᠪᠡᠩ ᠰᠢᠷ᠎ᠠ ᠶᠢᠨ ᠰᠤᠶᠤᠯ ᠤᠨ ᠦᠨᠳᠦᠰᠦ
Creator ᠬᠠᠰᠤᠨᠲᠤᠶᠠᠭ᠎ᠠ; ᠮᠧᠩ ᠵᠢᠨᠪᠤᠤ
Keyword 《ᠪᠠᠭᠠᠷᠢᠨ ᠭᠡᠰᠡᠷ》; ᠭᠢᠯᠪᠡᠩ ᠰᠢᠷ᠎ᠠ; ᠪᠦᠬᠡ ᠶᠢᠨ ᠱᠠᠰᠢᠨ
Abstract 《ᠪᠠᠭᠠᠷᠢᠨ ᠭᠡᠰᠡᠷ》 ᠦᠨ ᠵᠠᠷᠢᠮ ᠬᠤᠪᠢᠯᠪᠤᠷᠢ ᠳᠤ ᠭᠢᠯᠪᠡᠩ ᠰᠢᠷ᠎ᠠ ᠳᠠᠢᠰᠤᠨ ᠲᠠᠯ ᠠ ᠶᠢᠨ ᠴᠢᠬᠤᠯᠠ ᠳᠦᠷᠢ ᠪᠡᠷ ᠢᠯᠡᠷᠡᠵᠦ᠂ ᠭᠡᠰᠡᠷ ᠪᠠᠭᠠᠲᠤᠷ ᠲᠤ ᠳᠠᠷᠤᠭᠳᠠᠳᠠᠭ᠃ ᠭᠡᠰᠡᠷ ᠪᠠᠭᠠᠲᠤᠷ ᠠᠴᠠ ᠭᠢᠯᠪᠡᠩ ᠰᠢᠷ᠎ᠠ ᠶᠢ ᠳᠠᠷᠤᠬᠤ ᠦᠭᠦᠯᠡᠮᠵᠢ ᠨᠢ ᠨᠢᠭᠡ ᠲᠠᠯ ᠠ ᠪᠠᠷ ᠲᠤᠤᠯᠢ ᠤᠯᠠᠮᠵᠢᠯᠠᠭᠳᠠᠵᠤ ᠬᠦᠭᠵᠢᠬᠦ ᠶᠠᠪᠤᠴᠠ ᠳᠠᠭᠠᠨ ᠲᠤᠬᠠᠢ ᠶᠢᠨ ᠭᠠᠵᠠᠷ ᠤᠨ ᠬᠦᠮᠦᠰ ᠦᠨ ᠠᠮᠢᠳᠤᠷᠠᠯ ᠰᠤᠶᠤᠯ ᠤᠨ ᠣᠷᠴᠢᠨ ᠠᠬᠤᠢ ᠬᠢᠭᠡᠳ ᠦᠵᠡᠯ ᠰᠡᠳᠬᠢᠯᠭᠡᠨ ᠳᠦᠨᠢ ᠨᠦᠯᠦᠭᠡᠯᠡᠭᠳᠡᠨ ᠬᠤᠪᠢᠷᠠᠬᠤ ᠳᠠᠭᠠᠨ ᠰᠢᠨ᠎ᠡ ᠦᠭᠦᠯᠡᠮᠵᠢ ᠦᠢᠯᠡ ᠨᠡᠮᠡᠭᠳᠡᠨ ᠪᠠᠶᠠᠯᠢᠭᠵᠢᠬᠤ ᠦᠵᠡᠭᠳᠡᠯ ᠢᠯᠡᠷᠡᠳᠡᠭ ᠢ ᠳᠤᠰᠬᠠᠬᠤ ᠪᠤᠢ᠃ ᠨᠦᠬᠦᠭᠡ ᠲᠠᠯ᠎ᠠ ᠪᠠᠷ ᠭᠢᠯᠪᠠᠩ ᠰᠢᠷ᠎ᠠ ᠶᠢᠨ ᠲᠤᠬᠠᠢ ᠦᠭᠦᠯᠡᠮᠵᠢ ᠨᠢ ᠪᠦᠬᠡ ᠶᠢᠨ ᠣᠩᠭᠤᠳ ᠤᠨ ᠲᠦᠷᠬᠦ ᠰᠢᠨᠵᠢ ᠲᠡᠢ ᠨᠢᠭᠡᠳᠬᠦ ᠲᠠᠯ᠎ᠠ ᠪᠠᠢᠬᠤ ᠲᠡᠳᠦᠢ ᠦᠭᠡᠢ᠂ ᠪᠦᠬᠡ ᠶᠢᠨ ᠱᠠᠰᠨ ᠰᠤᠶᠤᠯ ᠤᠨ ᠬᠦᠨ᠎ᠡ ᠦᠨᠳᠦᠰᠦ ᠪᠠᠢᠷᠢ ᠲᠠᠢ ᠪᠠᠢᠭᠰᠠᠨ ᠢᠶᠠᠨ ᠲᠤᠬᠠᠢ ᠶᠢᠨ ᠦᠶ᠎ᠡ ᠶᠢᠨ ᠲᠦᠷᠦ ᠵᠠᠰᠠᠭ ᠬᠢᠭᠡᠳ ᠪᠤᠳ᠋ᠳ᠋ᠾᠠ ᠶᠢᠨ ᠱᠠᠰᠢᠨ ᠤ ᠴᠢᠩᠭ᠍᠎ᠠ ᠨᠦᠯᠦᠭᠡᠨ ᠳᠦ ᠳᠠᠢᠰᠤᠩᠨᠠᠭᠳᠠᠬᠤ ᠪᠤᠯᠤᠭᠰᠠᠨ ᠠᠬᠤᠢ ᠤᠴᠠᠷᠠᠯ ᠢ ᠬᠠᠷᠠᠭᠤᠯᠵᠤ ᠪᠠᠢᠳᠠᠭ᠃
Original Literature View Original Paper
出自 中国蒙古学 2015年 第2期

联系我们


内蒙古大学图书馆
呼和浩特市大学西路235号
中国·内蒙古
P: (0471) 4992561
E: huangfeilong@imu.edu.cn