Paper Information


Title 《ᠴᠠᠭᠠᠨ᠂ ᠭᠡᠭᠡᠨ》ᠭᠡᠬᠦ ᠬᠤᠶᠠᠷ ᠦᠭᠡ ᠶᠢᠨ ᠳᠠᠭᠤᠳᠠᠯᠭ᠎ᠠ ᠪᠢᠴᠢᠯᠭᠡ ᠶᠢᠨ ᠤᠯᠠᠷᠢᠯ ᠬᠤᠪᠢᠷᠠᠯ
Creator ᠵᠢᠨ ᠭᠠᠩ
Keyword ᠴᠠᠭᠠᠭᠠᠨ ᠭᠡᠭᠡᠭᠡᠨ; ᠦᠭᠡ ᠪᠦᠲᠦᠭᠡᠬᠦ ᠳᠠᠭᠠᠭᠤᠷᠢ ᠋‍ᠭᠠᠨ ᠭᠡᠨ; ᠤᠷᠳᠤᠳᠬᠠᠯ ᠪᠦᠲᠦᠴᠡ
Abstract ᠳᠤᠮᠳᠠᠳᠤ ᠡᠷᠲᠡᠨ ᠦ ᠮᠤᠨᠭᠭᠤᠯ ᠬᠡᠯᠡᠨ ᠦ ᠮᠠᠲ᠋ᠧᠷᠢᠶᠠᠯ ᠤᠳ ᠲᠤ᠂ 《ᠴᠠᠭᠠᠨ᠂ ᠭᠡᠭᠡᠨ》ᠭᠡᠬᠦ ᠬᠤᠶᠠᠷ ᠦᠭᠡ ᠲᠤᠰᠪᠤᠷᠢ ᠤᠳᠬ᠎ᠠ ᠦᠢᠯᠡᠳᠦᠯ ᠢᠶᠡᠷ ᠢᠶᠡᠨ ᠠᠪ ᠠᠳᠠᠯᠢ 《ᠴᠠᠬᠠᠬᠠᠨ ~ ᠴᠠᠬᠠᠨ᠂ ᠭᠡᠭᠡᠭᠡᠨ ~ ᠭᠡᠭᠡᠨ》ᠭᠡᠬᠦ ᠬᠤᠶᠠᠷ ᠬᠡᠯᠪᠡᠷᠢ ᠪᠡᠷ ᠢᠯᠡᠷᠡᠵᠦ ᠪᠠᠶᠢᠵᠠᠢ᠃ ᠡᠨᠡ ᠬᠦ ᠪᠢᠴᠢᠯᠭᠡ ᠶᠢᠨ ᠡᠴᠦᠰ ᠦᠨ 《‍᠎‍ᠬᠠᠨ᠂ ᠭᠡᠨ》ᠨᠢ ᠲᠡᠮᠳᠡᠭ ᠦᠭᠡ ᠪᠦᠲᠦᠭᠡᠬᠦ ᠳᠠᠭᠠᠪᠤᠷᠢ —Gan/gən ᠪᠠᠶᠢᠪᠠ᠃ ᠰᠢᠨᠵᠢᠯᠡᠭᠡᠨ ᠦ ᠬᠢᠨ ᠳᠦ ᠂ ᠲᠤᠰ ᠳᠠᠭᠠᠪᠤᠷᠢ ᠶᠢ ᠲᠡᠮᠳᠡᠭ ᠦᠭᠡ ᠶᠢᠨ ᠬᠠᠷᠢᠴᠠᠭᠤᠯᠤᠭᠰᠠᠨ ᠵᠡᠷᠭᠡ ᠶᠢᠨ —qan/kən ᠭᠡᠬᠦ ᠬᠡᠯᠪᠡᠷᠢ ᠪᠡᠷ ᠲᠠᠶᠢᠯᠪᠤᠷᠢᠯᠠᠵᠤ ᠪᠠᠶᠢᠬᠤ ᠨᠢ ᠡᠨᠳᠡᠭᠦᠷᠡᠯ ᠪᠤᠯᠤᠨ᠎ᠠ᠃ 《ᠴᠠᠭᠠᠨ᠂ ᠭᠡᠭᠡᠨ》ᠭᠡᠬᠦ ᠦᠭᠡ ᠶᠢ ᠲᠡᠷᠡ ᠮᠡᠲᠦ ᠬᠤᠶᠠᠷ ᠬᠡᠯᠪᠡᠷᠢ ᠪᠡᠷ ᠲᠡᠮᠳᠡᠭᠯᠡᠵᠦ ᠪᠠᠶᠢᠭᠰᠠᠨ ᠨᠢ ᠲᠤᠬᠠᠢ ᠶᠢᠨ ᠦᠶ᠎ᠡ ᠳᠦ ᠤᠷᠴᠢᠨ ᠴᠠᠭ ᠤᠨ ᠮᠤᠨᠭᠭᠤᠯ ᠬᠡᠯᠡᠨ ᠦ ᠡᠭᠦᠰᠦᠮᠡᠯ ᠤᠷᠲᠤ ᠡᠭᠡᠰᠢᠭ᠌ ᠪᠦᠷᠢᠯᠳᠦᠵᠦ ᠡᠬᠢᠯᠡᠭᠰᠡᠨ ᠪᠤᠯᠪᠠᠴᠤ ᠲᠤᠭᠲᠠᠪᠤᠷᠢ ᠦᠭᠡᠢ ᠪᠠᠶᠢᠭᠰᠠᠨ ᠪᠠᠶᠢᠳᠠᠯ ᠢ ᠳᠤᠰᠬᠠᠵᠤ ᠪᠤᠢ᠃ ᠡᠶᠢᠮᠦ ᠡᠴᠡ᠂ ᠤᠷᠴᠢᠨ ᠴᠠᠭ ᠤᠨ ᠮᠤᠨᠭᠭᠤᠯ ᠪᠢᠴᠢᠭ᠌ ᠦᠨ ᠬᠡᠯᠡᠨ ᠳᠦ 《ᠴᠠᠭᠠᠭᠠᠨ᠂ ᠭᠡᠭᠡᠭᠡᠨ》ᠭᠡᠵᠦ ᠤᠷᠲᠤᠳᠬᠠᠯ ᠪᠦᠲᠦᠲᠡ ᠲᠡᠢ ᠲᠡᠮᠳᠡᠭᠯᠡᠪᠡᠰᠦ ᠵᠤᠬᠢᠬᠤ ᠵᠤᠶᠢᠯ ᠢ ᠶᠠᠷᠢᠶᠠᠨ ᠤ ᠬᠡᠯᠡᠨ ᠦ ᠳᠠᠭᠤᠳᠠᠯᠭ᠎ᠠ ᠪᠠᠷ 《ᠴᠠᠭᠠᠨ᠂ ᠭᠡᠭᠡᠨ》ᠬᠡᠮᠡᠨ ᠳᠦᠷᠢᠮᠵᠢᠯ ᠪᠤᠰᠤ ᠲᠡᠮᠳᠡᠭᠯᠡᠵᠦ ᠬᠡᠪᠰᠢᠭᠰᠡᠨ ᠪᠠᠶᠢᠨ᠎ᠠ᠃
Original Literature View Original Paper
出自 中国蒙古学 2010年 第6期

联系我们


内蒙古大学图书馆
呼和浩特市大学西路235号
中国·内蒙古
P: (0471) 4992561
E: huangfeilong@imu.edu.cn