Paper Information


Title DMN᠋ ᠠᠴᠠ ᠪᠤᠯᠤᠭᠰᠠᠨ ᠪᠢᠴᠢᠬᠠᠨ ᠬᠤᠯᠤᠭᠠᠨ᠎ᠠ ᠶᠢᠨ ᠤᠳᠠᠭᠠᠨ ᠴᠢᠨᠠᠷ ᠲᠠᠢ ᠡᠯᠢᠭᠡᠨ ᠦ ᠭᠡᠮᠲᠦᠯ ᠳᠦ ᠦᠵᠡᠭᠦᠯᠬᠦ ᠳᠡᠭᠡᠳᠦ ᠬᠦᠷᠬᠦᠮ -7᠋ ᠶᠢᠨ ᠨᠦᠯᠦᠭᠡ
Creator ᠮᠦᠴᠢᠷ; ᠪᠠᠲᠤᠳᠡᠯᠭᠡᠷ
Keyword ᠳᠡᠭᠡᠳᠦ ᠬᠦᠷᠬᠦᠮ -7; ᠡᠯᠢᠭᠡᠨ ᠦ ᠭᠡᠮᠲᠦᠯ᠂ ᠤᠳᠠᠭᠠᠨ ᠴᠢᠨᠠᠷ ᠲᠠᠢ; ᠪᠢᠴᠢᠬᠠᠨ ᠬᠤᠯᠤᠭᠠᠨ᠎ᠠ; ᠲᠤᠷᠰᠢᠯᠲᠠ ᠶᠢᠨ ᠰᠤᠳᠤᠯᠭ᠎ᠠ
Abstract ᠵᠤᠷᠢᠯᠭ᠎ᠠ᠄ DMN᠋ ᠢᠶᠠᠷ ᠡᠭᠦᠰᠭᠡᠭ᠍ᠰᠡᠨ ᠪᠢᠴᠢᠬᠠᠨ ᠬᠤᠯᠤᠭᠠᠨ᠎ᠠ ᠶᠢᠨ ᠤᠳᠠᠭᠠᠨ ᠴᠢᠨᠠᠷ ᠲᠠᠢ ᠡᠯᠢᠭᠡᠨ ᠦ ᠭᠡᠮᠲᠦᠯ ᠳᠦ ᠦᠵᠡᠭᠦᠯᠬᠦ ᠮᠣᠩ᠋ᠭᠤᠯ ᠡᠮ ᠳᠡᠭᠡᠳᠦ ᠬᠦᠷᠬᠦᠮ -7᠋ ᠶᠢᠨ ᠦᠢᠯᠡᠳᠦᠯ ᠢ ᠠᠵᠢᠭᠯᠠᠵᠤ᠂ ᠡᠮᠴᠢᠯᠡᠭᠡᠨ ᠦ ᠬᠡᠷᠡᠭᠯᠡᠯᠲᠡ ᠳᠦ ᠲᠤᠷᠰᠢᠯᠲᠠ ᠶᠢᠨ ᠪᠠᠷᠢᠮᠲᠠ ᠬᠠᠩ᠋ᠭᠠᠨ᠎ᠠ᠃ ᠠᠷᠭ᠎ᠠ᠄ ᠪᠢᠴᠢᠬᠠᠨ ᠬᠤᠯᠤᠭᠠᠨ᠎ᠠ ᠨᠤᠭᠤᠳ ᠢ ᠲᠠᠰᠢᠷᠠᠮ ᠢᠶᠠᠷ ᠨᠢ ᠬᠤᠭᠤᠰᠤᠨ ᠬᠠᠷᠢᠴᠠᠭᠤᠯᠤᠭᠴᠢ ᠳᠤᠭᠤᠢ᠌ᠯᠠᠩ᠂ ᠵᠠᠭᠪᠤᠷ ᠤᠨ ᠳᠤᠭᠤᠢ᠌ᠯᠠᠩ᠂ ᠢ ᠭᠠᠨ ᠨᠢᠩ (乙肝宁)᠋ ᠤᠨ ᠳᠤᠭᠤᠢ᠌ᠯᠠᠩ᠂ ᠳᠡᠭᠡᠳᠦ ᠬᠦᠷᠬᠦᠮ -7᠋ ᠶᠢᠨ ᠶᠡᠬᠡ ᠬᠡᠮᠵᠢᠶ᠎ᠡ ᠶᠢᠨ ᠳᠤᠭᠤᠢ᠌ᠯᠠᠩ᠂ ᠪᠠᠭ᠎ᠠ ᠬᠡᠮᠵᠢᠶ᠎ᠡ ᠶᠢᠨ ᠳᠤᠭᠤᠢ᠌ᠯᠠᠩ ᠭᠡᠵᠦ ᠬᠤᠪᠢᠶᠠᠭᠠᠳ᠂ ᠬᠤᠭᠤᠰᠤᠨ ᠬᠠᠷᠢᠴᠠᠭᠤᠯᠤᠭᠴᠢ ᠳᠤᠭᠤᠢ᠌ᠯᠠᠩ ᠠᠴᠠ ᠪᠤᠰᠤᠳ ᠳᠤᠭᠤᠢ᠌ᠯᠠᠩ ᠤᠨ ᠪᠢᠴᠢᠬᠠᠨ ᠬᠤᠯᠤᠭᠠᠨ᠎ᠠ ᠪᠦᠷᠢ ᠶᠢᠨ ᠬᠡᠪᠡᠯᠢ ᠶᠢᠨ ᠬᠦᠨᠳᠡᠢ ᠳᠦ ᠨᠢ DMN᠋ ᠢ ᠲᠠᠷᠢᠵᠤ᠂ ᠤᠳᠠᠭᠠᠨ ᠴᠢᠨᠠᠷ ᠲᠠᠢ ᠡᠯᠢᠭᠡᠨ ᠦ ᠭᠡᠮᠲᠦᠯ ᠢ ᠡᠭᠦᠰᠭᠡᠨ᠎ᠡ᠃ ᠵᠠᠭᠪᠤᠷ ᠵᠤᠬᠢᠶᠠᠬᠤ ᠶᠢᠨ ᠬᠠᠮᠲᠤ ᠳᠡᠭᠡᠳᠦ ᠬᠦᠷᠬᠦᠮ -7᠋ ᠶᠢᠨ ᠶᠡᠬᠡ ᠬᠡᠮᠵᠢᠶ᠎ᠡ ᠶᠢᠨ ᠳᠤᠭᠤᠢ᠌ᠯᠠᠩ᠂ ᠪᠠᠭ᠎ᠠ ᠬᠡᠮᠵᠢᠶ᠎ᠡ ᠶᠢᠨ ᠳᠤᠭᠤᠢ᠌ᠯᠠᠩ᠂ ᠢ ᠭᠠᠨ ᠨᠢᠩ ᠤᠨ ᠳᠤᠭᠤᠢ᠌ᠯᠠᠩ ᠳᠤ ᠲᠤᠬᠠᠢ ᠶᠢᠨ ᠡᠮ ᠢ ᠡᠳᠦᠷ ᠪᠦᠷᠢ ᠲᠤᠰ ᠲᠤᠰ 0.83g/kg᠂ 0.5g/kg᠂ 0.5g/kg᠋ ᠢᠶᠠᠷ ᠬᠤᠳᠤᠭᠤᠳᠤᠨ ᠳᠤ ᠨᠢ ᠪᠤᠷᠭᠤᠢ᠌ᠲᠠᠨ ᠦᠭᠴᠦ᠂ ᠨᠡᠢ᠌ᠲᠡ 24 ᠡᠳᠷ ᠦᠭ᠍ᠭᠦᠨ᠎ᠡ᠃ ᠢᠩᠭᠢᠭᠡᠳ AST᠂ TP᠂ ALP᠂ ALB᠋ ᠶᠢᠨ ᠢᠳᠡᠪᠬᠢ ᠴᠢᠨᠠᠷ ᠪᠠ ᠡᠯᠢᠭᠡᠨ ᠨᠡᠭᠡᠳᠡᠰᠦ ᠶᠢᠨ ᠡᠪᠡᠳᠴᠢᠨ ᠦ ᠵᠦᠢ ᠶᠢᠨ ᠬᠤᠪᠢᠷᠠᠯᠲᠠ ᠶᠢ ᠠᠵᠢᠭᠯᠠᠪᠠ᠃ ᠦᠷ᠎ᠡ ᠳ᠋ᠦᠩ᠄ ᠬᠤᠭᠤᠰᠤᠨ ᠬᠠᠷᠢᠴᠠᠭᠤᠯᠤᠭᠴᠢ ᠳᠤᠭᠤᠢ᠌ᠯᠠᠩ ᠲᠠᠢ ᠬᠠᠷᠢᠴᠠᠭᠤᠯᠪᠠᠯ ᠵᠠᠭᠪᠤᠷ ᠤᠨ ᠳᠤᠭᠤᠢ᠌ᠯᠠᠩ ᠤᠨ ᠬᠢᠨ ᠦ ᠪᠡᠶ᠎ᠡ ᠶᠢᠨ ᠬᠦᠨᠳᠦ ᠨᠢ ᠮᠡᠳᠡᠭᠳᠡᠬᠦᠢ᠌ᠴᠡ ᠪᠠᠭᠤᠷᠠᠵᠤ᠂ ᠡᠯᠢᠭᠡᠨ ᠦ ᠠᠵᠢᠯᠯᠠᠭ᠎ᠠ ᠨᠢ ᠢᠯᠡᠳᠲᠡ ᠡᠷᠡᠭᠦᠯ ᠪᠤᠰᠤ ᠪᠠᠢ᠌ᠵᠤ᠂ ᠬᠤᠭᠤᠷᠤᠨᠳᠤ ᠪᠠᠨ ᠢᠯᠡᠳᠲᠡ ᠵᠦᠷᠢᠶ᠎ᠡ ᠲᠡᠢ (P<0.05); ᠵᠠᠭᠪᠤᠷ ᠤᠨ ᠳᠤᠭᠤᠢ᠌ᠯᠠᠩ ᠲᠡᠢ ᠬᠠᠷᠢᠴᠠᠭᠤᠯᠪᠠᠯ᠂ ᠳᠡᠭᠡᠳᠦ ᠬᠦᠷᠬᠦᠮ -7᠋ ᠶᠢᠨ ᠪᠠᠭ᠎ᠠ ᠬᠡᠮᠵᠢᠶ᠎ᠡ ᠶᠢᠨ ᠳᠤᠭᠤᠢ᠌ᠯᠠᠩ ᠤᠨ ᠬᠢᠨ ᠦ ᠪᠡᠶ᠎ᠡ ᠶᠢᠨ ᠬᠦᠨᠳᠦ ᠨᠢ ᠮᠡᠳᠡᠭᠳᠡᠬᠦᠢ᠌ᠴᠡ ᠨᠡᠮᠡᠭᠳᠡᠨ᠂ ALT᠂ AST ᠨᠢ ᠢᠯᠡᠷᠬᠡᠢ ᠲᠤᠭᠤᠭᠰᠢᠯᠠᠵᠤ᠂ ALB ᠨᠢ ᠢᠯᠡᠷᠬᠡᠢ ᠳᠡᠭᠡᠭ᠍ᠰᠢᠯᠡᠵᠦ᠂ ᠳᠤᠭᠤᠢ᠌ᠯᠠᠩ ᠤᠨ ᠬᠤᠭᠤᠷᠤᠨᠳᠤ ᠪᠠᠨ ᠢᠯᠡᠳᠲᠡ ᠵᠦᠷᠢᠶ᠎ᠡ ᠲᠡᠢ (P<0.05); ᠵᠠᠭᠪᠤᠷ ᠤᠨ ᠳᠤᠭᠤᠢ᠌ᠯᠠᠩ ᠤᠨ ᠨᠡᠭᠡᠳᠡᠰᠦᠨ ᠦ ᠡᠪᠡᠳᠴᠢᠨ ᠦ ᠵᠦᠢ ᠶᠢᠨ ᠢᠯᠡᠷᠡᠯ᠂ ᠭᠤᠤᠯᠳᠠᠭᠤ ᠳᠤᠮᠳᠠ ᠪᠠ ᠬᠦᠨᠳᠦ ᠳᠡᠰ ᠦᠨ ᠡᠪᠡᠳᠴᠢᠨ ᠦ ᠬᠤᠪᠢᠷᠠᠯᠲᠠ ᠶᠢᠨ ᠪᠠᠢ᠌ᠳᠠᠯ ᠲᠠᠢ; ᠳᠡᠭᠡᠳᠦ ᠬᠦᠷᠬᠦᠮ -7᠋ ᠶᠢᠨ ᠳᠤᠭᠤᠢ᠌ᠯᠠᠩ ᠤᠨ ᠬᠢ ᠨᠢ ᠭᠤᠤᠯᠳᠠᠭᠤ ᠬᠦᠩᠭᠡᠨ ᠳᠡᠰ ᠦᠨ ᠡᠪᠡᠳᠴᠢᠨ ᠦ ᠵᠦᠢ ᠶᠢᠨ ᠬᠤᠪᠢᠷᠠᠯᠲᠠ ᠲᠠᠢ᠃ ᠳ᠋ᠦᠩᠨᠡᠯᠲᠡ᠄ ᠮᠣᠩ᠋ᠭᠤᠯ ᠡᠮ ᠳᠡᠭᠡᠳᠦ ᠬᠦᠷᠬᠦᠮ -7 ᠨᠢ ᠤᠳᠠᠭᠠᠨ ᠴᠢᠨᠠᠷ ᠲᠠᠢ ᠡᠯᠢᠭᠡᠨ ᠭᠡᠮᠲᠦᠯ ᠪᠦᠬᠦᠢ ᠪᠠᠢ᠌ᠳᠠᠯ ᠳᠤ ᠢᠰᠭᠡᠭᠦᠷ ᠢ ᠪᠠᠭᠤᠷᠠᠭᠤᠯᠵᠤ ᠡᠯᠢᠭᠡ ᠶᠢ ᠬᠠᠮᠠᠭᠠᠯᠠᠬᠤ ᠦᠢᠯᠡᠳᠦᠯ ᠢᠶᠡᠷ ᠨᠡᠯᠢᠶᠡᠳ ᠰᠠᠢ᠌ᠨ ᠪᠠᠢ᠌ᠨ᠎ᠠ᠃
Original Literature View Original Paper
出自 内蒙古民族大学学报(蒙医药学) 2010年 第2期

联系我们


内蒙古大学图书馆
呼和浩特市大学西路235号
中国·内蒙古
P: (0471) 4992561
E: huangfeilong@imu.edu.cn