Paper Information


Title ᠲᠦᠮᠡᠳ ᠦᠨ ᠺᠦᠩᠽᠢ ᠶᠢᠨ ᠰᠦᠮ᠎ᠡ ᠶᠢᠨ ᠰᠤᠷᠭᠠᠨ ᠬᠦᠮᠦᠵᠢᠯ ᠦᠨ ᠴᠢᠳᠠᠪᠬᠢ ᠪᠠ ᠲᠠᠬᠢᠯᠭ᠎ᠠ ᠶᠢᠨ ᠰᠢᠨᠵᠢ ᠶᠢ ᠦᠭᠦᠯᠡᠬᠦ ᠨᠢ
Creator ᠮᠧᠢ ᠬᠤᠸᠠ
Keyword ᠲᠦᠮᠡᠳ ᠦᠨ ᠺᠦᠩᠽᠢ ᠶᠢᠨ ᠰᠦᠮ᠎ᠡ; ᠰᠤᠷᠭᠠᠨ ᠬᠦᠮᠦᠵᠢᠯ ᠦᠨ ᠴᠢᠳᠠᠪᠬᠢ; ᠲᠠᠬᠢᠯᠭ᠎ᠠ ᠶᠢᠨ ᠰᠢᠨᠵᠢ
Abstract ᠺᠦᠩᠽᠢ ᠶᠢᠨ ᠰᠦᠮ᠎ᠡ ᠨᠢ ᠺᠦᠩᠽᠢ ᠶᠢ ᠳᠤᠷᠠᠰᠬᠠᠬᠤ ᠲᠠᠬᠢᠯᠭ᠎ᠠ ᠶᠢᠨ ᠭᠠᠵᠠᠷ ᠪᠤᠯᠤᠭᠰᠠᠨ ᠤ ᠬᠤᠪᠢ ᠳᠤ᠂ ᠲᠡᠭᠦᠨ ᠦ ᠲᠡᠷᠢᠭᠦᠨ ᠰᠢᠨᠵᠢ ᠨᠢ ᠲᠠᠬᠢᠯᠭ᠎ᠠ ᠪᠢᠰᠢᠷᠡᠯ ᠳᠤ ᠪᠠᠢ᠌ᠳᠠᠭ᠃ ᠴᠢᠩ ᠤᠯᠤᠰ ᠤᠨ ᠦᠶ᠎ᠡ ᠳᠦ ᠮᠣᠩ᠋ᠭᠤᠯ ᠤᠨ ᠡᠯ᠎ᠡ ᠬᠤᠰᠢᠭᠤ ᠨᠤᠲᠤᠭ ᠤᠨ ᠬᠡᠪᠴᠢᠶᠡᠨ ᠳᠦ ᠬᠠᠮᠤᠭ ᠠᠩ᠋ᠬ᠎ᠠ ᠪᠠᠢ᠌ᠭᠤᠯᠤᠭᠳᠠᠭᠰᠠᠨ ᠺᠦᠩᠽᠢ ᠶᠢᠨ ᠰᠦᠮ ᠡ ᠪᠤᠯ ᠲᠦᠮᠡᠳ ᠦᠨ ᠺᠦᠩᠽᠢ ᠶᠢᠨ ᠰᠦᠮ᠎ᠡ ᠪᠤᠯᠤᠨ᠎ᠠ᠃ ᠲᠦᠮᠡᠳ ᠦᠨ ᠺᠦᠩᠽᠢ ᠶᠢᠨ ᠰᠦᠮ᠎ᠡ ᠨᠢ ᠳᠠᠩ ᠭᠠᠭᠴᠠ ᠺᠦᠩᠽᠢ ᠶᠢ ᠲᠠᠬᠢᠵᠤ ᠲᠠᠪᠢᠭᠯᠠᠬᠤ ᠪᠤᠶᠤ ᠳᠤᠷᠠᠰᠬᠠᠬᠤ ᠶᠢᠨ ᠲᠦᠯᠦᠭᠡ ᠪᠠᠢ᠌ᠭᠤᠯᠤᠭᠰᠠᠨ ᠪᠢᠰᠢ᠂ ᠬᠠᠷᠢᠨ ᠰᠤᠷᠭᠠᠨ ᠬᠦᠮᠦᠵᠢᠯ ᠦᠨ ᠰᠢᠨᠵᠢ ᠪᠡᠷ ᠲᠤᠩ ᠳᠤᠪᠤᠢ᠌ᠮ᠎ᠠ ᠪᠠᠢ᠌ᠪᠠ᠃ ᠺᠦᠩᠽᠢ ᠶᠢᠨ ᠰᠦᠮ᠎ᠡ ᠶᠢᠨ ᠪᠠᠢ᠌ᠭᠤᠯᠤᠭᠳᠠᠭᠰᠠᠨ ᠨᠢ ᠲᠦᠮᠡᠳ ᠣᠷᠤᠨ ᠤ ᠮᠣᠩ᠋ᠭᠤᠯᠴᠤᠳ ᠤᠨ ᠰᠤᠶᠤᠯ ᠰᠤᠷᠭᠠᠨ ᠬᠦᠮᠦᠵᠢᠯ ᠦᠨ ᠬᠦᠭ᠍ᠵᠢᠯᠲᠡ ᠳᠦ ᠴᠢᠬᠤᠯᠠ ᠰᠠᠭᠤᠷᠢ ᠶᠢ ᠲᠠᠯᠪᠢᠵᠤ ᠦᠭ᠍ᠭᠦᠭ᠍ᠰᠡᠨ ᠶᠤᠮ᠃
Original Literature View Original Paper
出自 中国蒙古学 2013年 第2期

联系我们


内蒙古大学图书馆
呼和浩特市大学西路235号
中国·内蒙古
P: (0471) 4992561
E: huangfeilong@imu.edu.cn