Paper Information


Title ᠰᠢᠩᠭᠡᠨ ᠹᠠᠰᠲᠤ ᠦᠩᠭᠡ ᠶᠢᠨ ᠵᠢᠭ᠌ᠰᠠᠯ ᠤᠨ ᠠᠷᠭ᠎ᠠ ᠪᠠᠷ ᠵᠠᠭᠠᠨ ᠤ ᠬᠠᠮᠠᠷ ᠴᠡᠴᠡᠭ ᠲᠦ ᠬᠢ ᠸᠢᠲ᠋ᠠᠮᠢᠨ ᠤ C᠋ ᠶᠢᠨ ᠠᠭᠤᠯᠤᠭᠳᠠᠴᠠ ᠶᠢ ᠬᠡᠮᠵᠢᠭᠰᠡᠨ ᠨᠢ
Creator ᠭᠦᠢ ᠯᠢᠩ; ᠪᠠᠭᠠᠨ᠎ᠠ
Keyword ᠵᠠᠭᠠᠨ ᠤ ᠬᠠᠮᠠᠷ ᠴᠡᠴᠡᠭ; ᠸᠢᠲ᠋ᠠᠮᠢᠨ C; HPLC ᠠᠷᠭ᠎ᠠ
Abstract ᠦᠨᠳᠦᠷ ᠠᠰᠢᠭᠯᠠᠮᠵᠢᠲᠤ ᠰᠢᠩᠭᠡᠨ ᠹᠠᠰᠲᠤ ᠦᠩᠭᠡ ᠶᠢᠨ ᠵᠢᠭ᠌ᠰᠠᠯ (HPLC)᠋ ᠤᠨ ᠠᠷᠭ᠎ᠠ ᠪᠠᠷ ᠵᠠᠭᠠᠨ ᠤ ᠬᠠᠮᠠᠷ ᠴᠡᠴᠡᠭ ᠲᠦ ᠬᠢ ᠸᠢᠲ᠋ᠠᠮᠢᠨ C ᠋ ᠶᠢᠨ ᠠᠭᠤᠯᠤᠭᠳᠠᠴᠠ ᠶᠢ ᠬᠡᠮᠵᠢᠬᠦ ᠲᠤᠬᠢᠷᠠᠮᠵᠢᠲᠠᠢ ᠠᠷᠭ᠎ᠠ ᠶᠢ ᠡᠷᠢᠯᠬᠢᠯᠡᠨ᠎ᠡ᠃ ᠠᠷᠭ᠎ᠠ᠄ Hypersil - C18(150mm×4.6,5μm) ᠦᠩᠭᠡ ᠶᠢᠨ ᠵᠢᠭ᠌ᠰᠠᠯ ᠤᠨ ᠪᠠᠭᠠᠨ᠎ᠠ ᠶᠢ ᠬᠡᠷᠡᠭᠯᠡᠵᠦ᠂ pH=6.0 ᠋ ᠤᠨ 0.30mo/L ᠹᠤᠰᠹᠤᠷ ᠬᠦᠴᠢᠯ ᠦᠨ ᠬᠤᠶᠠᠷ ᠤᠰᠤᠳᠦ᠋ᠷᠦᠭᠴᠢᠲᠦ ᠺᠠᠯᠼ᠄ ᠡᠲ᠋ᠢᠯ ᠨᠢᠲ᠋ᠷᠢᠯ (90᠄ 10)᠋ ᠢᠶᠠᠷ ᠤᠷᠤᠰᠤᠮᠠᠯ ᠹᠠᠰ ᠪᠤᠯᠭᠠᠨ᠎ᠠ᠃ ᠬᠡᠷᠡᠭᠯᠡᠬᠦ ᠡᠴᠡ ᠪᠡᠨ ᠡᠮᠦᠨ᠎ᠡ ᠵᠢᠵᠢᠭ᠌ ᠭᠤᠤᠷᠰᠤᠲᠤ ᠱᠦᠭᠦᠯᠲᠡ (ᠰᠢᠭᠦᠯᠲᠡ)᠋ ᠶᠢᠨ ᠰᠢᠰᠲ᠋ᠧᠮ ᠢᠶᠡᠷ ᠦᠩᠭᠡᠷᠡᠭᠦᠯᠦᠨ᠎ᠡ᠃ ᠬᠡᠮᠵᠢᠯᠲᠡ ᠶᠢᠨ ᠳᠤᠯᠭᠢᠶᠠᠨ ᠤ ᠤᠷᠲᠤ ᠨᠢ 254nm᠂ ᠪᠠᠭᠠᠨ᠎ᠠ ᠶᠢᠨ ᠲᠤᠯᠭᠠᠴᠠ ᠨᠢ 25℃᠂ ᠤᠷᠤᠰᠬᠠᠬᠤ ᠬᠤᠷᠳᠤᠴᠠ ᠨᠢ 0.60ml/min᠃ ᠦᠷ᠎ᠡ ᠳ᠋ᠦᠩ᠄ ᠸᠢᠲ᠋ᠠᠮᠢᠨ C ᠨᠢ 0.20~1.00ug᠋᠋ ᠤᠨ ᠬᠡᠪᠴᠢᠶᠡᠨ ᠳᠤᠲᠤᠷ᠎ᠠ ᠣᠷᠭᠢᠯ ᠤᠨ ᠲᠠᠯᠠᠪᠠᠢ ᠲᠠᠢ ᠪᠠᠨ ᠮᠠᠰᠢ ᠰᠠᠢ᠌ᠨ ᠱᠤᠭᠤᠮᠯᠢᠭ ᠬᠠᠷᠢᠴᠠᠭ᠎ᠠ ᠲᠠᠢ (γ=0.9999) ᠪᠠᠢ᠌ᠵᠤ᠂ ᠦᠯᠢᠭᠡᠷ ᠨᠡᠮᠡᠵᠦ ᠪᠤᠴᠠᠭᠠᠨ ᠠᠪᠬᠤ ᠲᠤᠷᠰᠢᠯᠲᠠ ᠶᠢᠨ ᠳᠤᠮᠳᠠᠴᠢ ᠪᠤᠴᠠᠭᠠᠮᠵᠢ ᠨᠢ 96.4%᠂ RSD=1.36% ᠪᠤᠢ᠃ ᠳ᠋ᠦᠩᠨᠡᠯᠲᠡ᠄ ᠲᠤᠰ ᠠᠷᠭ᠎ᠠ ᠨᠢ ᠬᠡᠷᠡᠭᠯᠡᠬᠦ ᠳᠦ ᠳᠦᠭᠦᠮ ᠪᠦᠭᠡᠳ ᠨᠠᠢ᠌ᠳᠠᠪᠤᠷᠢᠲᠠᠢ᠂ ᠣᠨᠣᠪᠴᠢᠲᠤ ᠴᠢᠨᠠᠷ ᠢᠶᠠᠷ ᠰᠠᠢ᠌ᠨ ᠪᠤᠯᠬᠤᠷ ᠵᠠᠭᠠᠨ ᠤ ᠬᠠᠮᠠᠷ ᠴᠡᠴᠡᠭ ᠦᠨ ᠴᠢᠨᠠᠷ ᠤᠨ ᠪᠠᠷᠢᠮᠵᠢᠶ᠎ᠠ ᠶᠢ ᠲᠤᠭᠲᠠᠭᠠᠬᠤ ᠰᠤᠳᠤᠯᠭᠠᠨ ᠳᠤ ᠬᠡᠷᠡᠭᠯᠡᠵᠦ ᠪᠤᠯᠤᠨ᠎ᠠ᠃
Original Literature View Original Paper
出自 内蒙古民族大学学报(蒙医药学) 2013年 第1期

联系我们


内蒙古大学图书馆
呼和浩特市大学西路235号
中国·内蒙古
P: (0471) 4992561
E: huangfeilong@imu.edu.cn