Paper Information


Title ᠮᠤᠩᠭ᠋ᠤᠯ ᠦᠨᠳᠦᠰᠦᠳᠡᠨ ᠤ ᠤᠷᠠᠨ ᠵᠢᠷᠤᠭ ᠤᠨ ᠲᠠᠮᠵᠢᠭᠤᠯᠭ᠎ᠠ
Creator ᠰ • ᠤᠳᠬᠤᠨᠪᠠᠶᠠᠷ
Keyword ᠮᠤᠩᠭ᠋ᠤᠯ ᠦᠨᠳᠦᠰᠦᠳᠡᠨ; ᠬᠡᠯᠡᠨ ᠤ ᠪᠤᠰᠤ ᠲᠠᠮᠵᠢᠭᠤᠯᠭ᠎ᠠ; ᠤᠷᠠᠨ ᠵᠢᠷᠤᠭ ᠤᠨ ᠲᠠᠮᠵᠢᠭᠤᠯᠭ᠎ᠠ
Abstract ᠤᠷᠠᠨ ᠵᠢᠷᠤᠭ ᠨᠢ ᠲᠠᠮᠵᠢᠭᠤᠯᠭ᠎ᠠ ᠶᠢᠨ ᠲᠡᠦᠬᠡᠨ ᠳᠡᠬᠢ 《 ᠢᠵᠠᠭᠤᠷ ᠲᠠᠮᠵᠢᠭᠤᠯᠭ᠎ᠠ 》 — ᠬᠡᠯᠡᠨ ᠤ ᠪᠤᠰᠤ ᠲᠠᠮᠵᠢᠭᠤᠯᠭ᠎ᠠ ᠳᠤ ᠬᠠᠷᠢᠶᠠᠯᠠᠭᠳᠠᠨ᠎ᠠ᠃ ᠠᠴᠢᠶᠠᠯᠠᠭᠴᠢ ᠶᠢᠨ ᠦᠵᠡᠭᠳᠡᠯ᠂ ᠰᠤᠷᠠᠭ ᠵᠠᠩᠬᠢ ᠶᠢᠨ ᠠᠭᠤᠯᠤᠭᠳᠠᠬᠤᠨ᠂ ᠵᠠᠭᠤᠴᠢᠯᠠᠭᠤᠷ ᠤᠨ ᠦᠷ᠎ᠡ ᠠᠰᠢᠭ ᠠᠯᠢ ᠴᠤ ᠲᠠᠯ᠎ᠠ ᠪᠡᠷ ᠠᠵᠢᠭᠰᠠᠨ ᠴᠤ ᠮᠤᠩᠭ᠋ᠤᠯ ᠦᠨᠳᠦᠰᠦᠳᠡᠨ ᠤ ᠤᠷᠠᠨ ᠵᠢᠷᠤᠭ ᠤᠨ ᠬᠡᠯᠡᠨ ᠤ ᠪᠤᠰᠤ ᠲᠠᠮᠵᠢᠭᠤᠯᠭ᠎ ᠶᠢᠨ ᠬᠡᠯᠪᠡᠷᠢ ᠳᠤ ᠬᠠᠳᠠᠨ ᠵᠢᠷᠤᠭ᠂ ᠬᠦᠷᠦᠭ ᠲᠦᠷᠢ᠂ ᠬᠠᠨᠠᠨ ᠵᠢᠷᠤᠭ᠂ ᠱᠤᠭᠤᠮᠠᠯ ᠰᠡᠢ᠌ᠯᠤᠮᠡᠯ ᠵᠡᠷᠭᠡ ᠤᠷᠠᠨ ᠵᠢᠷᠤᠭ ᠤᠨ ᠬᠡᠯᠪᠡᠷᠢ ᠭᠤᠤᠤᠯᠴᠢᠯᠠᠨ ᠲᠤᠷᠠᠳᠤᠭᠳᠠᠨ᠎᠃ ᠤᠷᠠᠨ ᠵᠢᠷᠤᠭ ᠲᠤ ᠭᠤᠤᠯᠳᠠᠭᠤ ᠮᠤᠩᠭ᠋ᠤᠯ ᠦᠨᠳᠦᠰᠦᠳᠡᠨ ᠤ ᠰᠢᠳᠦᠯᠭᠡ  ᠶᠢᠨ ᠰᠡᠳᠭᠢᠯᠭᠡᠨ᠂ ᠦᠵᠡᠯ ᠤᠬᠠᠮᠰᠠᠷ᠂ ᠠᠮᠢᠳᠤᠷᠠᠯ ᠤᠨ ᠬᠡᠯᠪᠡᠷᠢ᠂ ᠭᠤᠣ᠎ᠠ ᠰᠤᠩᠭ᠋ᠤᠯᠳᠠ ᠵᠡᠷᠭᠡ ᠰᠤᠷᠠᠭ ᠵᠠᠩᠭᠢ ᠠᠭᠤᠯᠤᠭᠳᠠᠵᠠᠢ᠃ ᠤᠷᠠᠨ ᠵᠢᠷᠤᠭ ᠤᠨ ᠲᠠᠮᠵᠢᠭᠤᠯᠭ᠎ᠠ ᠨᠢ ᠲᠡᠭᠦᠨ ᠤ ᠬᠤᠵᠢᠳ ᠦᠷ᠎ᠡ ᠪᠡᠷ ᠪᠤᠢ ᠪᠤᠯᠤᠭᠰᠠᠨ ᠬᠡᠯᠡᠨ ᠤ ᠲᠠᠮᠵᠢᠭᠤᠯᠭ᠎ᠠ ᠶᠢᠨ ᠠᠭᠤᠯᠤᠭᠳᠠᠬᠤᠨ ᠬᠢᠭᠡᠳ ᠴᠢᠳᠮᠠᠵᠢ ᠶᠢ ᠨᠦᠬᠦᠪᠦᠷᠢᠯᠡᠨ ᠪᠠᠶᠠᠯᠢᠭᠵᠢᠭᠤᠯᠪᠠ᠃ ᠲᠠᠮᠵᠢᠭᠤᠯᠭ᠎ᠠ ᠶᠢᠨ ᠮᠡᠷᠭᠡᠵᠢᠯ ᠰᠢᠨᠡᠳᠦᠨ ᠡᠯᠸᠺᠲ᠋ᠷᠤᠨ ᠲᠠᠮᠵᠢᠭᠤᠯᠭ᠎ᠠ ᠮᠡᠨᠳᠦᠯᠡᠭᠰᠡᠨ ᠦᠶ᠎ᠡ ᠳᠤ ᠤᠷᠠᠨ ᠵᠢᠷᠤᠭ ᠨᠢ ᠲᠡᠭᠦᠨ ᠤ ᠢᠵᠠᠭᠤᠷ ᠬᠡᠯᠪᠡᠷᠢ ᠪᠠᠨ ᠦᠷᠭᠦᠯᠵᠢᠯᠡᠨ ᠬᠠᠳᠠᠭᠠᠯᠠᠬᠤ ᠶᠢᠨ ᠬᠠᠮᠳᠤ ᠪᠠᠰᠠ ᠭᠡᠷᠡᠯ ᠵᠢᠷᠤᠭ᠂ ᠲᠦᠷᠰᠦ ᠰᠢᠩᠭᠡᠭᠡᠯᠳᠡ ᠮᠡᠳᠦ ᠶᠢᠨ ᠰᠢᠨ᠎᠎ᠡ ᠵᠠᠭᠤᠴᠢᠯᠠᠭᠤᠷ ᠢ ᠡᠭᠦᠳᠴᠦ᠂ ᠲᠠᠮᠵᠢᠭᠤᠯᠭ᠎ᠠ ᠶᠢᠨ ᠲᠡᠦᠬᠡ ᠶᠢᠨ ᠰᠢᠨ᠎ᠡ ᠬᠠᠭᠤᠳᠠᠰᠤ ᠶᠢ ᠨᠡᠭᠡᠭᠡᠨ ᠪᠢᠴᠢᠭ᠍ᠯᠡᠭᠰᠡᠭᠡᠷ ᠪᠠᠢ᠌ᠨ᠎ᠠ᠃
Original Literature View Original Paper
出自 中国蒙古学 2016年 第1期

联系我们


内蒙古大学图书馆
呼和浩特市大学西路235号
中国·内蒙古
P: (0471) 4992561
E: huangfeilong@imu.edu.cn