Title |
ᠲᠤᠭᠲᠠᠬᠤ ᠶᠢᠨ ᠳᠠᠭᠤᠤ ᠳᠠᠬᠢ ᠬᠦᠮᠦᠨ ᠦ ᠴᠢᠬᠢ ᠶᠢ ᠣᠭᠲᠤᠯᠵᠤ ᠲᠤᠭᠠᠯᠠᠳᠠᠭ ᠦᠢᠯᠡ ᠬᠡᠷᠡᠭ ᠪᠤᠶᠤ ᠴᠢᠭᠢ ᠶᠢ ᠳᠡᠭᠡᠳᠦᠯᠡᠬᠦ ᠤᠬᠮᠠᠰᠠᠷ ᠤᠨ ᠲᠤᠬᠠᠢ |
Creator |
ᠹᠦ᠋ ᠷᠦᠩ |
Keyword |
ᠲᠤᠭᠲᠠᠬᠤ ᠶᠢᠨ ᠳᠠᠭᠤᠤ; ᠬᠦᠮᠦᠨ ᠠᠮᠢᠲᠠᠨ ᠤ ᠴᠢᠬᠢ; ᠠᠮᠢ ᠪᠤᠶᠤ ᠰᠦᠨᠡᠰᠦ; ᠪᠤᠶᠠᠨ ᠬᠡᠰᠢᠭ᠌ |
Abstract |
ᠮᠣᠩ᠋ᠭᠤᠯᠴᠤᠳ ᠤᠨ ᠬᠦᠮᠦᠨ ᠠᠮᠢᠲᠠᠨ ᠤ ᠪᠤᠶᠠᠨ ᠬᠡᠰᠢᠭ᠌ ᠴᠢᠬᠢᠨ ᠳᠦᠨᠢ ᠪᠠᠢ᠌ᠳᠠᠭ ᠭᠡᠰᠡᠨ ᠤᠬᠠᠮᠰᠠᠷ ᠪᠤᠯ ᠬᠦᠮᠦᠨ ᠠᠮᠢᠠᠨ ᠤ ᠠᠮᠢ ᠪᠤᠶᠤ ᠰᠦᠨᠡᠦ ᠴᠢᠬᠢᠨ ᠳᠤᠨᠢ ᠣᠷᠤᠰᠢᠳᠠᠭ ᠭᠡᠰᠡᠨ ᠤᠵᠠᠭᠤᠷ ᠤᠬᠠᠮᠰᠠᠷ ᠠᠴᠠ ᠬᠦᠭ᠍ᠵᠢᠵᠦ ᠢᠷᠡᠵᠡᠢ᠃ ᠡᠳᠡᠭᠡᠷ ᠦᠵᠡᠯᠲᠡ ᠲᠠᠨᠢᠯᠲᠠ ᠠᠴᠠ ᠪᠤᠯᠵᠤ ᠬᠦᠮᠦᠰ ᠴᠢᠬᠢ ᠶᠢ ᠳᠡᠭᠡᠳᠦᠯᠡᠬᠦ ᠪᠤᠯᠪᠠ᠃ ᠡᠢ᠌ᠮᠦᠷᠭᠦᠦ ᠰᠤᠶᠤᠯ ᠤᠨ ᠰᠤᠷᠪᠤᠯᠵᠢ ᠠᠴᠠ ᠬᠦᠮᠦᠨ ᠤ ᠴᠢᠬᠢ ᠶᠢ ᠣᠭᠲᠤᠯᠵᠤ ᠲᠤᠭᠠᠯᠠᠳᠠᠭ ᠦᠢᠯᠡ ᠬᠡᠷᠡᠭ ᠦᠨ ᠮᠤᠲ᠋ᠢᠹ ᠡᠭᠦᠰᠴᠡᠢ᠃ ᠳᠠᠢ᠌ᠰᠤᠨ ᠡᠲᠡᠭᠡᠳ ᠦᠨ ᠬᠢᠨ ᠠᠯᠠᠭᠳᠠᠭᠰᠠᠳ ᠤᠨ ᠴᠢᠬᠢ ᠶᠢ ᠨᠢ ᠣᠭᠲᠤᠯᠵᠤ ᠲᠤᠭᠠᠯᠠᠳᠠᠭ ᠦᠢᠯᠡ ᠬᠡᠷᠡᠭ᠂ 《ᠲᠤᠭᠲᠠᠬᠤ ᠶᠢᠨ ᠳᠠᠭᠤᠤ》᠋ ᠶᠢᠨ ᠰᠤᠳᠤᠨ ᠠᠷᠠᠳ ᠤᠨ ᠳᠠᠭᠤᠤ ᠪᠤᠯᠵᠤ ᠳᠠᠭᠤᠯᠠᠭᠳᠠᠬᠤ ᠳᠤ ᠢᠳᠡᠪᠬᠢᠲᠡᠢ ᠦᠢᠯᠡᠳᠦᠯ ᠦᠵᠡᠭᠦᠯᠵᠦ᠂ ᠦᠪᠡᠷᠮᠢᠴᠡ ᠬᠡᠪ ᠨᠠᠮᠪᠠ ᠪᠠᠨ ᠪᠦᠷᠢᠯᠳᠦᠭᠦᠯᠬᠦ ᠳᠦ ᠴᠢᠬᠤᠯᠠ ᠬᠠᠨᠳᠢᠪ ᠢᠶᠠᠨ ᠡᠷᠭᠦᠵᠡᠢ᠃ ᠲᠤᠰ ᠦᠢᠯᠡ ᠬᠡᠷᠡᠭ ᠨᠢ ᠳᠠᠭᠤᠤ ᠶᠢᠨ ᠪᠠᠭᠠᠲᠤᠷ ᠲᠤᠭᠲᠠᠬᠤ ᠶᠢᠨ ᠳᠦᠷᠢ ᠶᠢ ᠪᠦᠲᠦᠭᠡᠬᠦ ᠳᠤ᠂ ᠮᠦᠨ ᠪᠠᠭᠠᠲᠤᠷ ᠤᠳ ᠤᠨ ᠪᠠᠭᠠᠲᠤᠷᠯᠢᠭ ᠦᠢᠯᠡ ᠶᠠᠪᠤᠳᠠᠯ ᠢ ᠭᠠᠢ᠌ᠬᠠᠮᠰᠢᠭᠲᠠᠢ ᠪᠤᠯᠭᠠᠬᠤ ᠳᠤ ᠲᠤ᠌ᠯ ᠤᠨ ᠴᠢᠬᠤᠯᠠ ᠦᠢᠯᠡᠳᠦᠯ ᠦᠵᠡᠭᠦᠯᠵᠡᠢ᠃ ᠲᠤᠰ ᠦᠢᠯᠡ ᠬᠡᠷᠡᠭ ᠨᠢ ᠮᠣᠩ᠋ᠭᠤᠯ ᠠᠷᠠᠳ ᠣᠯᠠᠨ ᠤ ᠦᠵᠡᠯ ᠤᠬᠠᠮᠰᠠᠷ ᠤᠨ ᠭᠦᠨ ᠳᠡᠭᠲᠡᠷᠯᠢᠭ᠌᠌ ᠲᠡᠬᠢ ᠦᠨᠳᠦᠰᠦᠲᠡᠨ ᠦ ᠰᠦᠭ ᠰᠦᠯᠲᠡ ᠶᠢᠨ ᠲᠦᠯᠦᠭᠡᠯᠡᠮᠵᠢ ᠪᠤᠯᠤᠭᠰᠠᠨ ᠲᠤᠭᠲᠠᠬᠤ ᠶᠢᠨ ᠳᠠᠭᠤᠤ ᠳᠤ ᠢᠯᠡᠷᠡᠭᠰᠡᠨ ᠡᠴᠡ ᠪᠤᠯᠵᠤ᠂ ᠨᠡᠩ ᠭᠠᠢᠬᠠᠮᠰᠢᠭᠲᠠᠢ ᠪᠤᠯᠤᠭᠰᠠᠨ ᠪᠠᠢ᠌ᠨ᠎ᠠ᠃ ᠡᠨᠡ ᠬᠦ ᠦᠢᠯᠡ ᠬᠡᠷᠡᠭ ᠨᠢ ᠲᠤᠤᠯᠢ ᠶᠢᠨ ᠪᠠᠭᠠᠲᠤᠷ ᠤᠨ ᠳᠠᠢ᠌ᠰᠤᠨ ᠡᠲᠡᠭᠡᠳ ᠦᠨ ᠢᠶᠡᠨ ᠲᠤᠯᠤᠭᠠᠢ ᠶᠢ ᠮᠤᠯᠴᠤᠭ ᠪᠤᠯᠭᠠᠨ ᠮᠤᠷᠢᠨ ᠳᠠᠭᠠᠨ ᠵᠡᠭᠦᠯᠭᠡᠳᠡᠭ ᠦᠢᠯᠡ ᠬᠡᠷᠡᠭ ᠢ ᠶᠠᠭᠠᠬᠢᠬᠤ ᠶᠢᠨ ᠴᠤ ᠠᠷᠭ᠎ᠠ ᠦᠭᠡᠢ ᠪᠤᠳᠤᠭᠳᠠᠭᠤᠯᠤᠨ᠎ᠠ᠃ |
Original Literature |
View Original Paper
|
出自 |
中国蒙古学
2013年
第2期
|