Title |
ᠮᠣᠩᠭᠣᠯ ᠤᠷᠠᠨ ᠵᠣᠬᠢᠶᠠᠯ ᠤᠨ ᠡᠷᠲᠡᠨ ᠦ ᠰᠤᠩᠭ᠋ᠤᠳᠠᠭ ᠦᠪ - ᠪᠠᠭᠠᠲᠤᠷ ᠤᠨ ᠲᠣᠣᠯᠢ ᠶᠢᠨ ᠰᠣᠳᠤᠯᠭᠠᠨ ᠤ ᠲᠦᠯᠦᠪ |
Creator |
ᠪᠢᠯᠢᠭᠴᠡᠴᠡᠨ |
Keyword |
ᠮᠣᠩᠭᠣᠯ ᠤᠷᠠᠨ ᠵᠣᠬᠢᠶᠠᠯ; ᠰᠤᠩᠭ᠋ᠤᠳᠠᠭ ᠦᠪ- ᠪᠠᠭᠠᠲᠤᠷ ᠤᠨ ᠲᠤᠤᠯᠢ; ᠰᠣᠳᠤᠯᠭᠠᠨ ᠤ ᠲᠡᠥᠬᠡ |
Abstract |
ᠪᠠᠭᠠᠲᠤᠷ ᠤᠨ ᠲᠤᠤᠯᠢ ᠨᠢ ᠳᠠᠯᠠᠢ ᠪᠠᠶᠠᠨ ᠮᠣᠩᠭᠣᠯ ᠠᠷᠠᠳ ᠤᠨ ᠠᠮᠠᠨ ᠵᠣᠬᠢᠶᠠᠯ᠂ ᠴᠠᠭᠠᠰᠢᠯᠠᠪᠠᠯ ᠪᠦᠬᠦᠢ᠌ᠯᠡ ᠮᠣᠩᠭᠣᠯ ᠤᠷᠠᠨ ᠵᠣᠬᠢᠶᠠᠯ ᠤᠨ ᠤᠷᠲᠤ ᠤᠳᠠᠭᠠᠨ ᠬᠦᠭ᠍ᠵᠢᠯ ᠦᠨ ᠲᠡᠥᠬᠡᠨ ᠳᠤ ᠶᠡᠷᠦ ᠨᠢ ᠡᠷᠲᠡᠨ ᠦ ᠨᠢᠭᠡᠨ ᠰᠤᠩᠭ᠋ᠤᠳᠠᠭ ᠬᠡᠯᠪᠡᠷᠢ ᠪᠡᠷ ᠴᠢᠬᠤᠯᠠ ᠪᠠᠢ᠌ᠷᠢ ᠶᠢ ᠡᠵᠡᠯᠡᠵᠦ ᠪᠠᠢ᠌ᠳᠠᠭ᠃ ᠮᠣᠩᠭᠣᠯ ᠪᠠᠭᠠᠲᠤᠷ ᠤᠨ ᠲᠣᠣᠯᠢ ᠶᠢᠨ ᠰᠣᠳᠤᠯᠭᠠᠨ ᠨᠢ ᠮᠠᠨ ᠤ ᠤᠤᠯᠰ ᠲᠤ 20 ᠳᠤᠭᠠᠷ ᠵᠠᠭᠤᠨ ᠤ ᠲᠡᠪᠢᠭᠠᠳ ᠣᠨ ᠡᠴᠡ ᠡᠬᠢᠯᠡᠵᠦ ᠶᠠᠪᠤᠭᠳᠠᠭᠰᠠᠨ ᠡᠴᠡ ᠰᠡᠭᠦᠯᠡᠷ᠂ ᠮᠣᠩᠭᠣᠯ ᠤᠷᠠᠨ ᠵᠣᠬᠢᠶᠠᠯ ᠤᠨ ᠰᠣᠳᠤᠯᠭᠠᠨ ᠤ ᠬᠦᠷᠢᠶᠡᠨ ᠳᠥ ᠬᠠᠮᠤᠭ ᠡᠴᠡ ᠡᠷᠴᠢᠮ ᠲᠡᠢ ᠶᠠᠪᠤᠭᠳᠠᠵᠤ᠂ ᠬᠠᠮᠤᠭ ᠤᠨ ᠶᠡᠬᠡ ᠨᠦᠯᠦᠭᠡ ᠭᠠᠷᠤᠭᠰᠠᠨ ᠳᠡᠯᠡᠬᠡᠢ᠌ᠴᠢ ᠰᠢᠨᠵᠢ ᠲᠠᠢ ᠰᠣᠳᠤᠯᠤᠯ ᠪᠣᠯᠵᠤ ᠬᠦᠭ᠍ᠵᠢᠭᠰᠡᠨ ᠶᠣᠮ᠃ ᠫᠷᠤᠹᠸᠰᠰᠤᠷ ᠷᠢᠨᠴᠢᠨᠳᠣᠷᠵᠢ ᠶᠢᠨ《ᠮᠣᠩᠭᠣᠯ ᠪᠠᠭᠠᠲᠤᠷ ᠤᠨ ᠲᠤᠤᠯᠢ ᠶᠢᠨ ᠡᠭᠦᠰᠦᠯ ᠬᠦᠭ᠍ᠵᠢᠯ》ᠪᠣᠯᠤᠨ ᠡᠷᠲᠡᠮᠳᠡᠨ ᠫᠷᠤᠹᠸᠰᠰᠤᠷ ᠪ•ᠪᠦᠷᠢᠨᠪᠡᠬᠢ ᠶᠢᠨ 《ᠮᠣᠩᠭᠣᠯ ᠪᠠᠭᠠᠲᠤᠷᠯᠢᠭ ᠲᠣᠣᠯᠢᠰ ᠤᠨ ᠰᠢᠯᠦᠭ ᠵᠦᠢ》ᠪᠣᠯ ᠮᠠᠨ ᠤ ᠤᠯᠤᠰ ᠤᠨ ᠮᠣᠩᠭᠣᠯ ᠪᠠᠭᠠᠲᠤᠷ ᠤᠨ ᠲᠣᠣᠯᠢ ᠰᠣᠳᠤᠯᠭᠠᠨ ᠤ ᠦᠨᠳᠦᠷ ᠲᠦᠪᠰᠢᠨ ᠢ ᠬᠠᠷᠠᠭᠤᠯᠠᠬᠤᠢ᠌ᠴᠠ ᠲᠣᠷᠪᠢᠲᠠᠢ ᠪᠦᠲᠦᠭᠡᠯ ᠪᠣᠯᠤᠨ᠎ᠠ᠃ |
Original Literature |
View Original Paper
|
出自 |
内蒙古民族大学学报(社会科学)
2007年
第1期
|