Paper Information


Title ᠴᠤᠭ ᠤᠨ ᠤᠷᠠᠨ ᠵᠢᠷᠤᠭ ᠤᠨ ᠤᠷᠠᠯᠢᠭ ᠤᠨ ᠬᠡᠪ ᠨᠠᠮᠪᠠ ᠶᠢ ᠰᠢᠨᠵᠢᠯᠡᠬᠦ ᠨᠢ
Creator ᠪᠤᠤ ᠱᠤᠸᠠᠩ ᠮᠧᠢ
Keyword ᠴᠤᠭ; ᠤᠷᠠᠨ ᠵᠢᠷᠤᠭ; ᠬᠦᠮᠦᠨᠯᠢᠭ ᠦᠨ ᠵᠤᠷᠢᠭ ᠰᠠᠨᠠᠭ᠎ᠠ
Abstract ᠴᠤᠭ ᠪᠤᠯ ᠳᠤᠮᠳᠠᠳᠤ ᠤᠯᠤᠰ ᠤᠨ ᠣᠷᠴᠢᠨ ᠦᠶ᠎ᠡ ᠶᠢᠨ ᠤᠷᠠᠯᠢᠭ ᠤᠨ ᠲᠠᠪᠴᠠᠩ ᠳᠠᠬᠢ ᠤᠷᠠᠨ ᠵᠢᠷᠤᠭ ᠵᠢᠷᠤᠭᠯᠠᠨ ᠪᠦᠲᠦᠭᠡᠬᠦ ᠢᠲᠡᠭᠡᠯ ᠵᠤᠷᠢᠭ ᠪᠠ ᠬᠦᠰᠡᠯᠡᠩ ᠢᠶᠡᠨ ᠪᠠᠲᠤ ᠪᠠᠷᠢᠮᠲᠠᠯᠠᠵᠤ ᠢᠷᠡᠭᠰᠡᠨ ᠤᠷᠠᠯᠢᠭᠴᠢᠳ ᠤᠨ ᠨᠢᠭᠡ ᠨᠢ ᠪᠤᠯᠤᠨ᠎ᠠ᠃ ᠲᠡᠭᠦᠨ ᠦ ᠵᠢᠷᠤᠭᠯᠠᠨ ᠪᠦᠲᠦᠭᠡᠬᠦ ᠵᠤᠷᠢᠭ ᠰᠠᠨᠠᠭ᠎ᠠ᠂ ᠦᠪᠡᠷᠮᠢᠴᠡ ᠦᠵᠡᠯᠲᠡ ᠲᠠᠨᠢᠯᠲᠠ ᠪᠠ ᠴᠤᠴᠠᠰᠢ ᠦᠭᠡᠢ ᠴᠢᠷᠮᠠᠢᠨ ᠠᠵᠢᠯᠯᠠᠬᠤ ᠦᠢᠯᠡᠰ ᠦᠨ ᠪᠠᠲᠤ ᠵᠤᠭᠰᠤᠯᠲᠠ ᠨᠢ ᠤᠷᠠᠨ ᠵᠢᠷᠤᠭ ᠤᠨ ᠬᠢᠨᠢ ᠦᠪᠡᠷᠮᠢᠴᠡ ᠬᠡᠪ ᠨᠠᠮᠪᠠ ᠶᠢ ᠪᠦᠷᠢᠯᠳᠦᠭᠦᠯᠵᠡᠢ᠃ ᠲᠡᠭᠦᠨ ᠦ ᠤᠷᠠᠨ ᠵᠢᠷᠤᠭ ᠤᠨ ᠪᠦᠲᠦᠭᠡᠯ ᠨᠢ ᠲᠡᠦᠬᠡ ᠶᠢᠨ ᠦᠨᠡᠨ ᠢ ᠳᠤᠰᠬᠠᠵᠤ ᠴᠢᠳᠠᠬᠤᠢᠴᠠ ᠢᠯᠡ ᠲᠤᠳᠤᠷᠬᠠᠢ ᠦᠪᠡᠷᠮᠢᠴᠡ ᠣᠨᠴᠠᠯᠢᠭ ᠲᠠᠢ ᠪᠠᠢᠵᠤ᠂ ᠡᠨᠡ ᠣᠨᠴᠠᠯᠢᠭ ᠨᠢ ᠭᠤᠤᠯᠳᠠᠭᠤ ᠲᠠᠯ᠎ᠠ ᠨᠤᠲᠤᠭ ᠢᠶᠠᠨ ᠬᠠᠢᠷᠠᠯᠠᠬᠤ᠂ ᠲᠠᠯ᠎ᠠ ᠨᠤᠲᠤᠭ ᠤᠨ ᠰᠤᠶᠤᠯ ᠤᠨ ᠨᠢᠭᠤᠴᠠ ᠶᠢ ᠬᠠᠢᠨ ᠰᠦᠪᠡᠭᠴᠢᠯᠡᠬᠦ ᠶᠠᠪᠤᠴᠠ ᠳᠤ ᠢᠯᠡᠷᠡᠵᠦ ᠪᠠᠢᠭ᠎ᠠ ᠶᠤᠮ᠃ ᠦᠭᠦᠯᠡᠯ ᠳᠦ᠂ ᠴᠤᠭ ᠤᠨ ᠤᠷᠠᠨ ᠵᠢᠷᠤᠭ ᠤᠨ ᠤᠷᠠᠯᠢᠭ ᠤᠨ ᠣᠨᠴᠠᠯᠢᠭ ᠪᠠ ᠵᠢᠷᠤᠭᠯᠠᠨ ᠪᠦᠲᠦᠭᠡᠬᠦ ᠬᠡᠪ ᠨᠠᠮᠪᠠ ᠵᠡᠷᠭᠡ ᠶᠢ ᠲᠠᠢᠯᠪᠤᠷᠢᠯᠠᠬᠤ ᠪᠠᠷ ᠳᠠᠮᠵᠢᠵᠤ᠂ ᠴᠤᠭ ᠤᠨ ᠲᠤᠰᠤᠨ ᠵᠢᠷᠤᠭ ᠤᠨ ᠪᠦᠲᠦᠭᠡᠯ ᠦᠨ ᠦᠪᠡᠷᠮᠢᠴᠡ ᠬᠠᠷᠠᠭᠠᠰᠤ ᠶᠢ ᠨᠢ ᠵᠠᠳᠠᠯᠤᠨ ᠰᠢᠨᠵᠢᠯᠡᠵᠡᠢ᠃
Original Literature View Original Paper
出自 中国蒙古学 2015年 第1期

联系我们


内蒙古大学图书馆
呼和浩特市大学西路235号
中国·内蒙古
P: (0471) 4992561
E: huangfeilong@imu.edu.cn