Paper Information


Title ᠮᠤᠩᠭ᠋ᠤᠯ ᠠᠷᠠᠳ ᠤᠨ ᠰᠡᠴᠡᠨ ᠮᠡᠷᠭᠡᠨ ᠬᠦᠮᠦᠨ ᠤ ᠦᠯᠢᠭᠡᠷ ᠲᠤ ᠢᠯᠡᠷᠡᠭᠰᠡᠨ ᠡᠷᠳᠡᠨ ᠤ ᠰᠢᠳᠦᠯᠭᠡ ᠪᠢᠰᠢᠷᠡᠯ ᠤᠨ ᠵᠠᠩ ᠦᠢᠯᠡ ᠶᠢᠨ ᠲᠤᠬᠠᠢ ᠰᠢᠨᠵᠢᠯᠡᠯ
Creator ᠤᠷᠢᠬᠠᠨ
Keyword ᠮᠤᠩᠭ᠋ᠤᠯᠴᠤᠳ; ᠰᠡᠴᠡᠨ ᠮᠡᠷᠭᠡᠨ ᠬᠦᠮᠦᠨ ᠤ ᠦᠯᠢᠭᠡᠷ; ᠰᠢᠳᠦᠯᠭᠡ ᠪᠢᠰᠢᠷᠡᠯ ᠤᠨ ᠵᠠᠩ ᠦᠢᠯᠡ
Abstract ᠮᠤᠩᠭ᠋ᠤᠯᠴᠤᠳ ᠤᠨ ᠡᠷᠳᠡᠨ ᠤ ᠰᠢᠳᠦᠯᠭᠡ ᠪᠢᠰᠢᠷᠡᠯ ᠤᠨ ᠵᠠᠩ ᠦᠢᠯᠡ ᠨᠢ ᠮᠤᠩᠭ᠋ᠤᠯ ᠠᠷᠠᠳ ᠤᠨ ᠰᠡᠴᠡᠨ ᠮᠡᠷᠭᠡᠨ ᠬᠦᠮᠦᠨ ᠤ ᠦᠯᠢᠭᠡᠷ ᠲᠤ ᠵᠤᠬᠢᠬᠤ ᠬᠡᠮᠵᠢᠶ᠎ᠡ ᠪᠡᠷ ᠠᠰᠢᠭᠯᠠᠭᠳᠠᠵᠤ ᠤᠷᠤᠭᠰᠠᠨ ᠪᠠᠢ᠌ᠳᠠᠭ᠃ ᠡᠷᠳᠡᠨ ᠤ ᠰᠢᠳᠦᠯᠭᠡ ᠪᠢᠰᠢᠷᠡᠯ ᠤᠨ ᠵᠠᠩ ᠦᠢᠯᠡ ᠨᠢ ᠰᠡᠴᠡᠨ ᠮᠡᠷᠭᠡᠨ ᠬᠦᠮᠦᠨ ᠤ ᠦᠯᠢᠭᠡᠷ ᠤᠨ ᠤᠷᠠᠯᠢᠭ ᠤᠨ ᠬᠦᠴᠦᠨ ᠢ ᠨᠡᠮᠡᠭᠳᠡᠭᠦᠯᠬᠦ ᠶᠢᠨ ᠬᠠᠮᠳᠤ ᠪᠠᠰᠠ ᠬᠦᠮᠦᠰ ᠲᠤ ᠦᠨᠡᠮᠰᠢᠭᠦᠯᠬᠦ ᠰᠢᠨᠵᠢ ᠶᠢ ᠤᠯᠭᠤᠵᠠᠢ᠃ ᠡᠨᠡ ᠨᠢ ᠰᠡᠴᠡᠨ ᠮᠡᠷᠭᠡᠨ ᠬᠦᠮᠦᠨ ᠤ ᠦᠯᠢᠭᠡᠷ ᠪᠤᠯᠤᠨ ᠠᠵᠤ ᠠᠮᠢᠳᠤᠷᠠᠯ ᠤᠨ ᠬᠢᠨᠢ ᠪᠤᠳᠠᠳᠤ ᠤᠷᠴᠢᠨ ᠠᠬᠤᠢ ᠶᠢ ᠵᠤᠬᠢᠬᠤ ᠬᠡᠮᠵᠢᠶ᠎ᠡ ᠪᠡᠷ ᠨᠦᠬᠦᠴᠡᠯᠳᠦᠭᠦᠯᠵᠦ᠂ ᠦᠯᠢᠭᠡᠷ ᠤᠨ ᠤᠷᠠᠯᠢᠭ ᠤᠨ ᠤᠨᠴᠠᠯᠢᠭ ᠰᠢᠨᠵᠢ ᠶᠢ ᠴᠢᠳᠠᠮᠠᠭᠠᠢ ᠪᠡᠷ ᠢᠯᠡᠷᠡᠭᠦᠯᠵᠦ ᠪᠠᠢ᠌ᠳᠠᠭ᠃ ᠨᠦᠭᠦᠭᠡ ᠲᠠᠯ᠎ᠠ ᠪᠡᠷ ᠮᠤᠩᠭ᠋ᠤᠯᠴᠤᠳ ᠤᠨ ᠡᠷᠳᠡᠨ ᠤ ᠰᠢᠳᠦᠯᠭᠡ ᠪᠢᠰᠢᠷᠡᠯ ᠤᠨ ᠵᠠᠩ ᠦᠢᠯᠡ ᠶᠢᠨ ᠦᠵᠡᠭᠳᠡᠯ ᠢ ᠰᠡᠴᠡᠨ ᠮᠡᠷᠭᠡᠨ ᠬᠦᠮᠦᠨ ᠤ ᠦᠯᠢᠭᠡᠷ ᠤᠨ ᠦᠢᠯᠡ ᠶᠠᠪᠤᠳᠠᠯ ᠤᠨ ᠪᠦᠷᠢᠯᠳᠦᠯ ᠬᠦᠭ᠍ᠵᠢᠯ ᠳᠤ ᠵᠤᠬᠢᠰᠳᠠᠢ ᠠᠰᠢᠭᠯᠠᠨ ᠬᠡᠷᠡᠭᠯᠡᠵᠦ ᠪᠠᠢ᠌ᠬᠤ ᠨᠢ ᠮᠤᠩᠭ᠋ᠤᠯᠴᠤᠳ ᠤᠨ ᠪᠠᠢ᠌ᠭᠠᠯᠢ ᠨᠡᠢ᠌ᠭᠡᠮ ᠤᠨ ᠵᠤᠬᠢᠴᠠᠯ ᠤᠨ ᠲᠤᠬᠠᠢ ᠦᠵᠡᠯᠳᠡ ᠲᠠᠨᠢᠯᠳᠠ ᠶᠢᠨ ᠵᠤᠬᠢᠬᠤ ᠢᠯᠡᠷᠡᠯ ᠪᠤᠯᠬᠤ - 《ᠠᠯᠢᠪᠠ ᠪᠦᠬᠦᠨ ᠰᠠ᠌ᠨ ᠰᠠᠢ᠌ᠬᠠᠨ ᠪᠠᠢ᠌ᠵᠤ᠂ ᠬᠡᠵᠢᠶᠡᠳᠡ ᠢᠯᠠᠯᠳᠠ ᠳᠤ ᠬᠦᠷᠴᠦ ᠴᠢᠳᠠᠳᠠᠭ ᠭᠡᠵᠦ ᠦᠵᠡᠳᠡᠭ》 ᠲᠠᠢ ᠬᠤᠯᠪᠤᠭ᠎ᠠ ᠲᠠᠢ ᠭᠡᠵᠦ ᠲᠠᠨᠢᠵᠤ ᠪᠤᠯᠤᠨ᠎ᠠ᠃
Original Literature View Original Paper
出自 中国蒙古学 2012年 第1期

联系我们


内蒙古大学图书馆
呼和浩特市大学西路235号
中国·内蒙古
P: (0471) 4992561
E: huangfeilong@imu.edu.cn