Abstract |
ᠲᠤᠰ ᠦᠭᠦᠯᠡᠯ ᠳᠦ ᠮᠣᠩᠭᠤᠯ ᠬᠡᠯᠡ ᠰᠢᠨᠵᠢᠯᠡᠯ ᠪᠤᠶᠤ ᠴᠢᠨ᠋ᠠᠭᠰᠢᠯᠠᠭ᠋ᠠᠳ ᠪᠦᠬᠦᠢᠯᠡ ᠬᠡᠯᠡ ᠰᠢᠨᠵᠢᠯᠡᠭᠡᠨ ᠦ ᠬᠦᠷᠢᠶᠡᠨ ᠳᠡᠬᠢ ᠬᠡᠯᠡ ᠶᠢ ᠵᠦᠪᠬᠡᠨ ᠬᠡᠯᠡ ᠪᠡᠷ ᠨᠢ ᠰᠤᠳᠤᠯᠬᠤ ᠭᠡᠳᠡᠭ ᠣᠳᠣ ᠦᠶ᠎ᠡ ᠶᠢᠨ ᠬᠡᠯᠡᠨ ᠦ ᠣᠨ᠋ᠣᠯ ᠤᠨ ᠳᠤᠲᠠᠮᠠᠭ ᠲᠠᠯ᠎ᠠ ᠶᠢ ᠳᠤᠷᠠᠳᠴᠤ᠂ ᠬᠡᠯᠡ ᠶᠢ ᠵᠠᠪᠠᠯ ᠪᠤᠰᠤᠳ ᠬᠤᠯᠪᠤᠭᠳᠠᠭᠰᠠᠨ ᠵᠤᠢᠯᠡᠰ — ᠰᠤᠶᠤᠯ ᠲᠠᠢ ᠠᠶᠠᠯᠳᠠᠭ᠋ᠠᠯᠠᠨ ᠰᠤᠳᠤᠯᠪᠠᠯ ᠵᠤᠬᠢᠬᠤ ᠭᠡᠳᠡᠭ ᠰᠠᠨ᠋ᠠᠭ᠎ᠠ ᠶᠢ ᠦᠭᠦᠯᠡᠵᠡᠢ᠃ ᠡᠭᠦᠨ ᠳᠦ ᠄ (1) ᠬᠡᠯᠡ ᠰᠢᠨᠵᠢᠯᠡᠯ ᠳᠦ ᠢᠯᠠᠩᠭ᠋ᠤᠶ᠎ᠠ ᠪᠦᠲᠦᠴᠡ ᠦᠵᠡᠯ ᠦᠨ ᠬᠡᠯᠡ ᠰᠢᠨᠵᠢᠯᠡᠯ ᠨᠢ ᠬᠡᠯᠡ ᠶᠢ ᠪᠦᠲᠦᠴᠡ ᠪᠡᠷ ᠨᠢ᠂ ᠵᠢᠮ᠎ᠡ ᠬᠠᠤᠯᠢ ᠪᠠᠷ ᠬᠡᠯᠪᠡᠷᠴᠡᠯᠡᠵᠦ᠂ ᠬᠡᠯᠡ ᠯᠦᠭᠡ ᠬᠤᠯᠪᠤᠭᠳᠠᠬᠤ ᠪᠤᠰᠤᠳ ᠵᠤᠢᠯᠡᠰ ᠡᠴᠡ ᠲᠤᠰᠠᠭ᠋ᠠᠷᠯᠳᠠᠭ᠃ ᠡᠢᠮᠦ ᠡᠴᠡ ᠨᠡᠢᠭᠡᠮ ᠦᠨ ᠦᠵᠡᠭᠳᠡᠯ ᠪᠤᠯᠬᠤ ᠬᠡᠯᠡ ᠶᠢ ᠨᠡᠢᠭᠡᠮ ᠲᠡᠦᠬᠡ ᠶᠢᠨ ᠣᠷᠴᠢᠨ ᠪᠠ ᠪᠤᠰᠤᠳ ᠬᠦᠮᠦᠨ ᠲᠦᠷᠦᠯᠬᠢᠲᠡᠨ ᠦ ᠰᠤᠶᠤᠯ ᠯᠤᠭ᠎ᠠ ᠨᠢᠭᠲᠠ ᠬᠤᠯᠪᠤᠭᠳᠠᠭ᠋ᠤᠯᠵᠤ ᠶᠡᠷᠦᠩᠬᠡᠢᠯᠡᠨ ᠰᠤᠳᠤᠯᠬᠤ ᠬᠡᠷᠡᠭᠲᠡᠢ ᠶᠤᠮ᠃ (2) ᠬᠡᠯᠡ ᠪᠡ ᠰᠤᠶᠤᠯ ᠤᠨ ᠬᠠᠷᠢᠴᠠᠭ᠋ᠠᠨ ᠳᠤ᠂ ᠶᠠᠭ᠋ᠤᠨ ᠤ ᠡᠮᠦᠨ᠎ᠡ ᠬᠡᠯᠡ ᠪᠡ ᠰᠡᠳᠬᠢᠭᠦᠢ ᠶᠢᠨ ᠬᠠᠷᠢᠴᠠᠭ᠋ᠠᠨ ᠤ ᠠᠰᠠᠭ᠋ᠤᠳᠠᠯ ᠪᠤᠯ ᠲᠡᠷᠢᠭᠦᠨ ᠴᠢᠬᠤᠯᠠ ᠠᠰᠠᠭ᠋ᠤᠳᠠᠯ ᠮᠦᠨ᠃ ᠡᠭᠦᠨ ᠢ ᠣᠳᠣ ᠦᠶ᠎ᠡ ᠶᠢᠨ ᠣᠨ᠋ᠣᠯ ᠬᠡᠯᠡ ᠰᠢᠨᠵᠢᠯᠡᠯ ᠳᠦ ᠴᠦ ᠮᠡᠳᠡᠷᠡᠳᠡᠭ᠃ ᠡᠢᠮᠦ ᠡᠴᠡ ᠦᠨᠳᠦᠰᠦᠲᠡᠨ ᠦ ᠬᠡᠯᠡ ᠶᠢ ᠵᠠᠪᠠᠯ ᠲᠡᠳᠡᠨ ᠦ ᠰᠡᠳᠬᠢᠭᠦᠢ ᠶᠢᠨ ᠣᠨᠴᠠᠯᠢᠭ᠂ ᠰᠤᠶᠤᠯ ᠰᠡᠳᠬᠢᠴᠡ ᠲᠡᠢ ᠤᠶᠠᠯᠳᠤᠭ᠋ᠤᠯᠵᠤ ᠰᠤᠳᠤᠯᠬᠤ ᠬᠡᠷᠡᠭᠲᠡᠢ ᠶᠤᠮ᠃ ᠭᠡᠬᠦ ᠳᠡᠭᠡᠨ ᠦᠨᠳᠦᠰᠦᠲᠡᠨ ᠦ ᠰᠤᠶᠤᠯ ᠰᠡᠳᠬᠢᠴᠡ ᠪᠡ ᠲᠡᠭᠦᠨ ᠦ ᠣᠨᠴᠠᠯᠢᠭ ᠨᠢ ᠮᠦᠨ ᠲᠡᠳᠡᠨ ᠦ ᠭᠠᠵᠠᠷ ᠵᠦᠢ᠂ ᠪᠠᠢᠭ᠋ᠠᠯᠢ ᠶᠢᠨ ᠣᠷᠴᠢᠨ ᠠᠬᠤᠢ ᠪᠠ ᠠᠮᠢᠳᠤᠷᠠᠯ ᠤᠨ ᠬᠡᠯᠪᠡᠷᠢ ᠵᠡᠷᠭᠡ ᠠᠵᠤ ᠠᠬᠤᠢ (ᠰᠤᠶᠤᠯ ᠭᠡᠵᠦ ᠬᠤᠷᠢᠶᠠᠩᠭ᠋ᠤᠢᠯᠠᠳᠠᠭ) ᠶᠢᠨ ᠣᠨᠴᠠᠯᠢᠭ ᠵᠡᠷᠭᠡ ᠡᠴᠡ ᠨᠢ ᠰᠢᠳᠪᠦᠷᠢᠯᠡᠳᠡᠳᠡᠭ ᠭᠡᠬᠦ ᠮᠡᠲᠦ ᠦᠵᠡᠯᠲᠡ ᠶᠢ ᠳᠤᠷᠠᠳᠴᠠᠢ᠃ |