Abstract |
ᠲᠤᠰ ᠦᠭᠦᠯᠡᠯ ᠳᠦ ᠂ ᠮᠣᠩ᠋ᠭᠤᠯ ᠬᠡᠯᠡᠨ ᠦ ᠳᠤᠷᠠᠰᠬᠠᠯ ᠪᠢᠴᠢᠭ᠌ ᠪᠤᠯᠤᠨ ᠬᠤᠯᠪᠤᠭᠳᠠᠯ ᠪᠦᠬᠦᠢ ᠦᠭᠡ ᠶᠢᠨ ᠪᠦᠲᠦᠴᠡ ᠶᠢᠨ ᠵᠠᠳᠠᠯᠤᠯᠲᠠ ᠪᠠᠷ ᠳᠠᠮᠵᠢᠨ᠂ ᠤᠷᠳᠤᠳᠬᠠᠯ ᠪᠦᠲᠦᠴᠡ ᠶᠢᠨ ᠡᠮᠦᠨᠡᠬᠢ ᠡᠭᠡᠰᠢᠭ᠌ ᠨᠢ ᠴᠦᠬᠡᠨ ᠨᠦᠬᠦᠴᠡᠯ ᠳᠦ ᠤᠷᠲᠤ ᠡᠭᠡᠰᠢᠭ᠌ ᠪᠠᠢ᠌ᠭᠰᠠᠨ ᠪᠤᠯᠪᠠᠴᠤ᠂ ᠣᠯᠠᠩᠭᠢ ᠳᠤ ᠪᠠᠨ ᠪᠤᠭᠤᠨᠢ ᠡᠭᠡᠰᠢᠭ᠌ ᠪᠠᠢ᠌ᠭᠰᠠᠨ ᠪᠦᠭᠡᠳ ᠬᠦᠭ᠍ᠵᠢᠯ ᠦᠨ ᠶᠠᠪᠤᠴᠠ ᠳᠤ ᠪᠠᠨ ᠲᠡᠳᠡᠭᠡᠷ ᠪᠤᠭᠤᠨᠢ ᠡᠭᠡᠰᠢᠭ᠌ ᠨᠢ ᠴᠦᠮ ᠠᠷᠢᠯᠵᠤ ᠭᠡᠭᠡᠭ᠍ᠳᠡᠪᠡ ᠭᠡᠬᠦ ᠰᠠᠨᠠᠯ ᠢᠶᠠᠨ ᠳᠡᠪᠰᠢᠭᠦᠯᠬᠦ ᠶᠢᠨ ᠳᠠᠭᠠᠤ ᠳᠤᠮᠳᠠᠳᠤ ᠵᠠᠭᠤᠨ ᠤ ᠦᠶ᠎ᠡ ᠪᠡᠷ ᠡᠨᠡ ᠬᠦ ᠪᠤᠭᠤᠨᠢ ᠡᠭᠡᠰᠢᠭ᠌ ᠦᠨ ᠭᠡᠭᠡᠭ᠍ᠳᠡᠵᠦ ᠡᠬᠢᠯᠡᠭᠰᠡᠨ ᠪᠠᠢ᠌ᠳᠠᠯ ᠪᠤᠯᠤᠨ ᠭᠡᠭᠡᠭ᠍ᠳᠡᠬᠦ ᠶᠠᠪᠤᠴᠠ ᠳᠤ ᠪᠠᠨ ᠤᠷᠳᠤᠳᠬᠠᠯ ᠪᠦᠲᠦᠴᠡ ᠳᠦ ᠤᠤᠯ ᠠᠴᠠ ᠪᠠᠨ ᠪᠠᠢ᠌ᠭᠰᠠᠨ ᠬᠤᠢ᠌ᠨᠠᠬᠢ ᠤᠷᠲᠤ ᠡᠭᠡᠰᠢᠭ᠌ ᠲᠡᠢ ᠪᠡᠨ ᠨᠦᠯᠦᠭᠡᠯᠡᠯᠴᠡᠵᠦ ᠪᠠᠢ᠌ᠭᠰᠠᠨ ᠪᠠᠢ᠌ᠳᠠᠯ ᠢ ᠬᠤᠷᠢᠶᠠᠩ᠋ᠭᠤᠢ᠌ᠯᠠᠨ ᠲᠡᠮᠳᠡᠭᠯᠡᠪᠡ᠃ |