| Title | 
            ᠮᠣᠩᠭᠤᠯ ᠡᠮᠨᠡᠯᠭᠡ ᠪᠡᠷ 150 ᠵᠢᠱᠢᠶᠡ ᠦᠬᠡᠷ ᠢᠯᠢᠲᠦ ᠡᠪᠡᠳᠴᠢᠨ ᠢ ᠵᠠᠰᠠᠭᠰᠠᠨ ᠡᠮᠴᠢᠯᠡᠭᠡᠨ ᠦ ᠮᠡᠳᠡᠭᠦᠯᠦᠯᠲᠡ | 
          
          
            | Creator | 
            ᠤᠶᠤᠨ; ᠰᠠᠷᠠᠭᠤᠯ | 
          
          
            | Keyword | 
            ᠮᠣᠩᠭᠤᠯ ᠡᠮ; ᠦᠬᠡᠷ ᠢᠯᠢᠲᠦ; ᠵᠠᠰᠠᠬᠤ ᠠᠷᠭᠠ | 
          
          
            | Abstract | 
            ᠮᠣᠩᠭᠤᠯ ᠡᠮ ᠡᠷᠳᠡᠨᠢ ᠦᠷᠢᠯ ᠢᠶᠡᠷ ᠭᠤᠤᠯ ᠪᠤᠯᠭᠠᠨ ᠦᠬᠡᠷ ᠢᠯᠢᠲᠦ ᠡᠪᠡᠳᠴᠢᠨ ᠢ ᠡᠮᠨᠡᠨ ᠵᠠᠰᠠᠭᠰᠠᠨ ᠠᠴᠢ ᠲᠤᠰᠠ ᠶᠢ ᠠᠵᠢᠭᠯᠠᠪᠠ᠃ 300 ᠵᠢᠱᠢᠶᠡ ᠦᠬᠡᠷ ᠢᠯᠢᠲᠦ ᠡᠪᠡᠳᠴᠢᠨ ᠢ ᠲᠠᠰᠢᠷᠠᠮ ᠢᠶᠠᠷ ᠡᠮᠴᠢᠯᠡᠭᠡ ᠶᠢᠨ ᠳᠤᠭᠤᠢᠯᠠᠩ ᠪᠠ ᠬᠠᠷᠢᠴᠠᠭᠤᠯᠬᠤ ᠳᠤᠭᠤᠢᠯᠠᠩ ᠲᠤᠰ ᠪᠦᠷᠢ 150 ᠵᠢᠱᠢᠶᠡ ᠬᠤᠪᠢᠶᠠᠵᠤ᠂ ᠡᠮᠴᠢᠯᠡᠭᠡ ᠶᠢᠨ ᠳᠤᠭᠤᠢᠯᠠᠩ ᠳᠤ ᠮᠣᠩᠭᠤᠯ ᠡᠮ ᠡᠷᠳᠡᠨᠢ ᠦᠷᠢᠯ᠂ ᠪᠠᠰᠪᠦ᠋ᠷᠦ -5 ᠶᠢᠨ ᠲᠠᠩ᠂ ᠬᠦᠬᠦᠯ ᠭᠠᠷᠤᠳᠢ -15᠂ ᠲᠤᠤᠹᠢᠯᠠᠩ -7 ᠶᠢᠨ ᠲᠠᠩ ᠵᠡᠷᠭᠡ ᠶᠢ ᠦᠭᠴᠦ᠂ ᠬᠠᠷᠢᠴᠠᠭᠤᠯᠬᠤ ᠳᠤᠭᠤᠢᠠᠯᠩ ᠳᠤ ᠬᠢᠲᠠᠳ ᠡᠮ (银屑灵膏) ᠢ ᠦᠭᠭᠦᠪᠡ᠂ ᠨᠢᠭᠡ ᠡᠮᠴᠢᠯᠡᠭᠡᠨ ᠦ ᠬᠤᠭᠤᠴᠠᠭᠠ 21 ᠡᠳᠦᠷ᠂ ᠨᠡᠢᠲᠡ 4 ᠡᠮᠴᠢᠯᠡᠭᠡᠨ ᠦ ᠬᠤᠭᠤᠴᠠᠭᠠ ᠵᠠᠰᠠᠪᠠ᠃ ᠡᠮᠴᠢᠯᠡᠭᠡᠨ ᠦ ᠳ᠋ᠦᠩ ᠳᠦ᠂ ᠡᠮᠴᠢᠯᠡᠭᠡ ᠶᠢᠨ ᠳᠤᠭᠤᠢᠯᠠᠩ ᠤᠨ ᠶᠡᠷᠦᠩᠬᠡᠢ ᠡᠳᠡᠭᠡᠷᠡᠯᠲᠡ ᠨᠢ 84%᠂ ᠬᠠᠷᠢᠴᠠᠭᠤᠯᠬᠤ ᠳᠤᠭᠤᠢᠯᠠᠩ ᠤᠨ ᠶᠡᠷᠦᠩᠬᠡᠢ ᠡᠳᠡᠭᠡᠷᠡᠯᠲᠡ ᠨᠢ 66% ᠪᠠᠢᠵᠤ ᠬᠤᠭᠤᠷᠤᠨᠳᠤ ᠪᠠᠨ ᠢᠯᠡᠳᠲᠡ ᠵᠦᠷᠢᠶᠡ ᠲᠡᠢ (P<0.05)᠃ ᠮᠣᠩᠭᠤᠯ ᠡᠮ ᠢᠶᠡᠷ ᠦᠬᠡᠷ ᠢᠯᠢᠲᠦ ᠡᠪᠡᠳᠴᠢᠨ ᠢ ᠵᠠᠰᠠᠬᠤ ᠨᠢ ᠡᠮᠴᠢᠯᠡᠭᠡᠨ ᠦ ᠠᠴᠢ ᠲᠤᠰᠠ ᠦᠨᠳᠦᠷ᠂ ᠡᠮᠴᠢᠯᠡᠭᠡᠨ ᠳᠡᠭᠡᠷᠡ ᠲᠦᠭᠡᠮᠡᠯᠵᠢᠭᠦᠯᠵᠦ ᠪᠤᠯᠤᠨᠠ᠃ | 
          
          
            | Original Literature | 
            
              
              No Original Paper
              
             | 
          
          
            | 出自 | 
            
              内蒙古民族大学学报(蒙医药学)
              2015年
              第1期
             |