Title |
ᠲᠦᠰᠢᠶᠡᠳᠦ ᠬᠤᠰᠢᠭᠤᠨ ᠤ ᠬᠠᠭᠠᠯᠬᠤ ᠬᠡᠷᠡᠭ ᠢ ᠬᠤᠪᠢᠶᠠᠨ ᠰᠢᠢᠳᠭᠡᠬᠦ ᠬᠤᠷᠢᠶ᠎ᠠ ᠪᠠ ᠲᠦᠴᠢᠤᠸᠠᠨ ᠰᠢᠶᠠᠨ ᠤ ᠪᠠᠢ᠌ᠢᠭᠤᠯᠤᠭᠳᠠᠭᠰᠠᠨ ᠢ ᠰᠢᠨᠵᠢᠯᠡᠬᠦ ᠨᠢ |
Creator |
ᠯᠢᠩᠬᠤ᠎ᠠ |
Keyword |
ᠲᠦᠰᠢᠶᠡᠳᠦ ᠬᠤᠰᠢᠭᠤ; ᠬᠠᠭᠠᠯᠬᠤ ᠬᠡᠷᠡᠭ ᠢ ᠬᠤᠪᠢᠶᠠᠨ ᠰᠢᠢᠳᠭᠡᠬᠦ ᠬᠤᠷᠢᠶ᠎ᠠ; ᠲᠦᠴᠢᠤᠸᠠᠨ ᠰᠢᠶᠠᠨ |
Abstract |
ᠴᠢᠩ ᠤᠯᠤᠰ ᠤᠨ ᠰᠡᠭᠦᠯᠴᠢ ᠶᠢᠨ ᠦᠶ᠎ᠡ ᠳᠤ ᠴᠢᠩ ᠤᠯᠤᠰ ᠤᠨ ᠵᠠᠰᠠᠭ ᠡᠴᠡ ᠦᠪᠦᠷ ᠮᠤᠩᠭ᠋ᠤᠯ ᠳᠤ ᠲᠤᠰᠬᠠᠢ ᠰᠠᠢ᠌ᠳ ᠲᠤᠮᠢᠯᠠᠨ ᠬᠠᠭᠠᠯᠬᠤ ᠬᠡᠷᠡᠭ ᠢ ᠰᠢᠢᠳᠭᠡᠬᠦ ᠬᠤᠷᠢᠶ᠎ᠠ ᠶᠢ ᠪᠠᠢᠭᠤᠯᠵᠤ᠂ ᠲᠦᠰᠢᠶᠡᠳᠦ ᠬᠤᠰᠢᠭᠤᠨ ᠢ (ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤ) ᠤ ᠭᠠᠵᠠᠷ ᠨᠤᠳᠤᠭ ᠢ ᠬᠠᠭᠠᠯᠪᠤᠷᠢᠯᠠᠬᠤ ᠪᠡᠷ ᠲᠤᠰ ᠬᠤᠰᠢᠭᠤᠨ ᠤ ᠨᠤᠳᠤᠭ ᠪᠡᠯᠴᠢᠭᠡᠷ ᠢ ᠲᠡᠭᠡᠰᠦᠯᠡᠨ ᠬᠡᠮᠵᠢᠵᠦ ᠡᠬᠢᠯᠡᠵᠡᠢ᠃ ᠡᠨᠡ ᠪᠤᠯ ᠴᠢᠩ ᠤᠯᠤᠰ ᠤᠨ ᠵᠠᠰᠠᠭ ᠤᠨ ᠭᠠᠵᠠᠷ ᠡᠴᠡ ᠬᠡᠷᠡᠭᠵᠢᠭᠦᠯᠦᠭᠰᠡᠨ ᠮᠤᠩᠭ᠋ᠤᠯ ᠬᠤᠰᠢᠭᠤᠨ ᠤ ᠭᠠᠵᠠᠷ ᠬᠠᠭᠠᠯᠪᠤᠷᠢᠯᠠᠯᠳᠠ ᠶᠢᠨ ᠨᠡᠢ᠌ᠳᠡᠯᠢᠭ ᠤᠨᠴᠠᠯᠢᠭ ᠪᠤᠯᠬᠤ ᠶᠤᠮ᠃ ᠦᠭᠦᠯᠡᠯ ᠳᠤ᠂ ᠭᠤᠤᠯᠳᠠᠭᠤ ᠦᠪᠦᠷ ᠮᠤᠩᠭ᠋ᠤᠯ ᠤᠨ ᠲᠠᠩᠰᠠ ᠡᠪᠭᠡᠮᠡᠯ ᠤᠨ ᠬᠦᠷᠢᠶᠡᠯᠡᠩ ᠳᠤ ᠬᠠᠳᠠᠭᠠᠯᠠᠭᠳᠠᠨ ᠪᠠᠢ᠌ᠭ᠎ᠠ ᠪᠠᠷᠢᠮᠳᠠ ᠮᠠᠲ᠋ᠧᠷᠢᠶᠠᠯ ᠢ ᠠᠰᠢᠭᠯᠠᠨ᠂ ᠲᠦᠰᠢᠶᠡᠳᠦ ᠬᠤᠰᠢᠭᠤᠨ ᠤ ᠬᠠᠭᠠᠯᠬᠤ ᠬᠡᠷᠡᠭ ᠢ ᠬᠤᠪᠢᠠᠶᠨ ᠰᠢᠢᠳᠭᠡᠬᠦ ᠬᠤᠷᠢᠶ᠎ᠠ ᠪᠠ ᠲᠡᠭᠦᠨ ᠤ ᠠᠵᠢᠯᠯᠠᠭ᠎ᠠ ᠶᠢ ᠵᠠᠳᠠᠯᠤᠨ ᠰᠢᠨᠵᠢᠯᠡᠵᠦ᠂ ᠮᠦᠨ ᠬᠤᠷᠢᠶ᠎ᠠ ᠶᠢᠨ ᠪᠠᠢ᠌ᠭᠤᠯᠤᠭᠳᠠᠭᠰᠠᠨ ᠨᠢ ᠲᠦᠴᠢᠤᠸᠠᠨ ᠰᠢᠶᠠᠨ ᠤ ᠪᠠᠢ᠌ᠭᠤᠯᠤᠭᠳᠠᠬᠤ ᠳᠤ ᠮᠠᠰᠢ ᠴᠢᠬᠤᠯᠠ ᠡᠭᠦᠷᠭᠡ ᠶᠢ ᠭᠦᠢᠴᠡᠳᠭᠡᠭ᠍ᠰᠡᠨ ᠭᠡᠵᠦ ᠦᠭᠦᠯᠡᠪᠡ᠃ |
Original Literature |
View Original Paper
|
出自 |
中国蒙古学
2016年
第1期
|