| Abstract |
ᠵᠦᠢᠷ ᠰᠡᠴᠡᠨᠨ ᠦᠬᠡ ᠬᠡᠳᠡᠭ ᠪᠤᠯ ᠦᠢᠯᠡᠳᠪᠦᠷᠢᠯᠡᠯ ᠬᠦᠳᠡᠯᠮᠤᠷᠢ ᠶᠢᠨ ᠲᠤᠷᠰᠢᠯᠭ᠎ᠠ ᠰᠤᠷᠭᠠᠮᠵᠢ ᠶᠢ ᠬᠤᠷᠢᠶᠠᠩᠭ᠋ᠤᠢ᠌ᠯᠠᠨ ᠳ᠋ᠦᠩᠨᠡᠵᠦ᠂ ᠶᠠᠭᠤᠮ ᠠ ᠦᠵᠡᠭᠳᠡᠯ ᠤᠨ ᠤᠴᠢᠷ ᠵᠦᠢ ᠶᠢ ᠰᠦᠪᠡᠭ᠍ᠴᠢᠯᠡᠨ ᠢᠯᠡᠷᠡᠭᠦᠯᠬᠦ ᠤᠨᠴᠠᠯᠢᠭ ᠪᠦᠭᠦᠢ ᠤᠬᠤᠷ ᠠᠪᠰᠠᠷᠬᠠᠨ ᠠᠮᠠᠨ ᠢᠷᠡᠭᠤ ᠨᠠᠢ᠌ᠷᠠᠭ ᠮᠦᠨ ᠃ ᠮᠣᠩᠭ᠋ᠣᠯᠴᠤᠳ ᠦᠪᠡᠷ ᠤᠨ ᠦᠢᠯᠡᠳᠪᠦᠷᠢᠡᠯᠡᠯ ᠬᠦᠳᠡᠯᠮᠦᠷᠢ᠂ ᠠᠵᠤ ᠠᠮᠢᠳᠤᠷᠠᠯ ᠡᠴᠡ ᠪᠡᠨ ᠬᠤᠷᠠᠮᠳᠤᠭᠤᠯᠤᠭᠰᠠᠨ ᠨᠡᠭᠦᠳᠡᠯ ᠮᠠᠯᠵᠢᠯ ᠠᠵᠤ ᠠᠬᠤᠢ ᠶᠢᠨ ᠲᠤᠬᠠᠢ ᠲᠠᠯᠠᠢ ᠪᠠᠶᠠᠯᠢᠭ ᠮᠡᠳᠡᠯᠭᠡ ᠪᠡᠨ ᠵᠦᠢᠷ ᠰᠡᠴᠡᠨ ᠦᠬᠡ ᠳᠤ ᠤᠯᠠᠮᠵᠢᠯᠠᠨ ᠦᠯᠡᠳᠡᠭᠡᠭᠰᠡᠨ ᠶᠤᠮ᠃ ᠦᠭᠦᠯᠡᠯ ᠳᠤ ᠳᠡᠪᠦᠨ ᠬᠤᠰᠢᠭᠤ ᠮᠠᠯ ᠰᠦᠷᠦᠭ ᠪᠠ ᠨᠡᠭᠦᠳᠡᠯ ᠮᠠᠯᠵᠢᠯ ᠤᠨ ᠦᠢᠯᠡᠳᠪᠦᠷᠢᠯᠡᠯ ᠲᠠᠢ ᠬᠤᠯᠪᠤᠭᠳᠠᠭᠰᠠᠨ ᠵᠦᠢᠷ ᠰᠡᠴᠡᠨ ᠦᠬᠡ ᠶᠢ ᠰᠤᠩᠭ᠋ᠤᠨ ᠵᠠᠳᠠᠯᠵᠤ᠂ ᠮᠣᠩᠭ᠋ᠣᠯᠴᠤᠳ ᠤᠨ ᠨᠡᠭᠦᠳᠡᠯ ᠮᠠᠯᠵᠢᠯ ᠤᠨ ᠰᠤᠶᠤᠯ ᠤᠨ ᠤᠪᠠᠯᠭᠠ ᠮᠦᠷ ᠢ ᠬᠠᠢ᠌ᠨ ᠰᠢᠨᠵᠢᠯᠡᠪᠡ᠃ |