Title |
《ᠮᠤᠩᠭ᠋ᠤᠯ ᠬᠡᠯᠡ ᠵᠦᠢ ᠶᠢᠨ ᠰᠤᠷᠠᠭ ᠵᠠᠩᠭᠢ ᠶᠢᠨ ᠲᠤᠯᠢ》 ᠶᠢᠨ ᠬᠠᠮᠢᠶᠠᠷᠤᠯᠳᠠ ᠶᠢᠨ ᠫᠷᠤᠭ᠍ᠷᠡᠮ ᠤᠨ ᠴᠤᠭᠴᠠᠯᠠᠯᠳᠠ |
Creator |
ᠬᠦᠷᠡᠯᠳᠦ᠋ᠰᠢ |
Keyword |
ᠮᠤᠩᠭ᠋ᠤᠯ ᠬᠡᠯᠡ ᠵᠦᠢ ᠶᠢᠨ ᠰᠤᠷᠠᠭ ᠵᠠᠩᠭᠢ ᠶᠢᠨ ᠲᠤᠯᠢ; ᠬᠠᠮᠢᠶᠠᠷᠤᠯᠳᠠ ᠶᠢᠨ ᠫᠷᠤᠭ᠍ᠷᠡᠮ; ᠴᠤᠭᠴᠠᠯᠠᠯᠳᠠ |
Abstract |
《ᠮᠤᠩᠭ᠋ᠤᠯ ᠬᠡᠯᠡ ᠵᠦᠢ ᠶᠢᠨ ᠰᠤᠷᠠᠭ ᠵᠠᠩᠭᠢ ᠶᠢᠨ ᠲᠤᠯᠢ》 ᠶᠢᠨ ᠬᠠᠮᠢᠶᠠᠷᠤᠯᠳᠠ ᠶᠢᠨ ᠫᠷᠤᠭ᠍ᠷᠡᠮ ᠢ ᠴᠤᠭᠴᠠᠯᠠᠬᠤ ᠳ᠋ᠠᠭᠠᠨ ᠵᠢᠯᠤᠭᠤᠳᠬᠤ ᠳᠤ ᠲᠦᠭᠦᠮ᠂ ᠴᠢᠳᠠᠮᠵᠢ ᠪᠦᠷᠢᠨ ᠪᠠᠢ᠌ᠬᠤ᠂ ᠳ᠋ᠠᠢ᠌ᠲ᠋ᠠ ᠶᠢᠨ ᠠᠶᠤᠯ ᠦᠭᠡᠢ ᠪᠠᠢ᠌ᠬᠤ ᠶᠢ ᠪᠠᠳᠤᠯᠠᠬᠤ᠂ ᠠᠵᠢᠯᠯᠠᠬᠤ ᠦᠷ᠎ᠡ ᠪᠦᠳᠦᠮᠵᠢ ᠪᠠᠢ᠌ᠬᠤ ᠵᠡᠷᠭᠡ ᠵᠠᠷᠴᠢᠮ ᠤᠳ ᠢ ᠪᠠᠷᠢᠮᠳᠠᠯᠠᠭᠰᠠᠨ ᠪᠠᠢ᠌ᠨ᠎ᠠ᠃ 《ᠮᠤᠩᠭ᠋ᠤᠯ ᠬᠡᠯᠡ ᠵᠦᠢ ᠶᠢᠨ ᠰᠤᠷᠠᠭ ᠵᠠᠩᠭᠢ ᠶᠢᠨ ᠲᠤᠯᠢ》 ᠶᠢᠨ ᠳ᠋ᠠᠢ᠌ᠲ᠋ᠠ ᠬᠦᠮᠦᠷᠭᠡ ᠶᠢ Microsoft Access ᠲᠡᠭᠡᠷ᠎ᠡ ᠪᠠᠢ᠌ᠭᠤᠯᠵᠤ᠂ ᠬᠠᠮᠢᠶᠠᠷᠤᠯᠳᠠ ᠶᠢᠨ ᠫᠷᠤᠭ᠍ᠷᠡᠮ ᠢ Microsoft Visual C Sharp · NET 2008 ᠫᠷᠤᠭ᠍ᠷᠡᠮ ᠤᠨ ᠬᠡᠯᠡ ᠪᠡᠷ ᠨᠠᠢ᠌ᠷᠠᠭᠤᠯᠪᠠ᠃ ᠬᠠᠮᠢᠶᠠᠷᠤᠯᠳᠠ ᠶᠢᠨ ᠫᠷᠤᠭ᠍ᠷᠡᠮ ᠳᠤ ᠨᠡᠮᠡᠬᠦ ᠴᠢᠳᠠᠮᠵᠢ᠂ ᠬᠠᠰᠤᠬᠤ ᠴᠢᠳᠠᠮᠵᠢ᠂ ᠵᠠᠰᠠᠬᠤ ᠴᠢᠳᠠᠮᠵᠢ᠂ ᠡᠷᠢᠬᠦ ᠴᠢᠳᠠᠮᠵᠢ᠂ ᠬᠠᠷᠭᠤᠭᠤᠯᠬᠤ ᠴᠢᠳᠠᠮᠵᠢ᠂ ᠤᠯᠠᠷᠢᠭᠤᠯᠤᠨ ᠡᠭᠦᠰᠭᠡᠬᠦ ᠴᠢᠳᠠᠮᠵᠢ ᠵᠡᠷᠭᠡ ᠴᠢᠳᠠᠮᠵᠢ ᠲᠠᠢ᠃ 《ᠮᠤᠩᠭ᠋ᠤᠯ ᠬᠡᠯᠡ ᠵᠦᠢ ᠶᠢᠨ ᠰᠤᠷᠠᠭ ᠵᠠᠩᠭᠢ ᠶᠢᠨ ᠲᠤᠯᠢ》 ᠶᠢᠨ ᠬᠠᠮᠢᠶᠠᠷᠤᠯᠳᠠ ᠶᠢᠨ ᠫᠷᠤᠭ᠍ᠷᠡᠮ ᠨᠢ 《ᠮᠤᠩᠭ᠋ᠤᠯ ᠬᠡᠯᠡ ᠵᠦᠢ ᠶᠢᠨ ᠰᠤᠷᠠᠭ ᠵᠠᠩᠭᠢ ᠶᠢᠨ ᠲᠤᠯᠢ》 ᠶᠢ ᠨᠢᠭᠡᠳᠦᠯ ᠲᠠᠢ ᠬᠠᠮᠢᠶᠠᠷᠬᠤ᠂ ᠦᠷᠭᠡᠳᠭᠡᠨ ᠪᠠᠢ᠌ᠭᠤᠯᠬᠤ᠂ ᠵᠠᠰᠠᠵᠤ ᠰᠢᠨᠡᠳᠭᠡᠬᠦ ᠳᠤ ᠲᠤᠳᠠᠭᠳᠠᠵᠤ ᠪᠤᠯᠤᠰᠢ ᠦᠭᠡᠢ ᠴᠢᠬᠤᠯᠠ ᠦᠢᠯᠡᠳᠦᠯ ᠲᠠᠢ ᠶᠤᠮ᠃ ᠮᠦᠨ ᠴᠤ ᠮᠤᠩᠭ᠋ᠤᠯ ᠬᠡᠯᠡᠨ ᠤ ᠮᠡᠳᠡᠯᠭᠡ ᠶᠢᠨ ᠰᠠᠩ ᠤᠨ ᠬᠠᠮᠢᠶᠠᠷᠤᠯᠳᠠ ᠶᠢᠨ ᠫᠷᠤᠭ᠍ᠷᠡᠮ ᠤᠨ ᠴᠤᠭᠴᠠᠯᠠᠯᠳᠠ ᠶᠢᠨ ᠠᠩᠬᠠᠨ ᠤ ᠠᠯᠬᠤᠮ ᠤᠨ ᠠᠵᠢᠯ ᠪᠤᠯᠬᠤ ᠶᠤᠮ᠃ |
Original Literature |
View Original Paper
|
出自 |
中国蒙古学
2012年
第1期
|