Paper Information


Title 《ᠵᠠᠩᠬ᠋ᠠᠷ》 ᠲᠡᠬᠢ ᠮᠤᠷᠢᠨ ᠵᠢᠰᠤᠮ ᠤᠨ ᠪᠡᠯᠭᠡᠳᠡᠯ ᠤᠳᠬ᠎ᠠ ᠶᠢᠨ ᠲᠤᠬᠠᠢ ᠲᠦᠭᠦᠮ ᠦᠬᠦᠯᠡᠬᠦ ᠨᠢ
Creator ᠹᠦ᠋ ᠿᠦᠩ
Keyword 《ᠵᠠᠩᠭᠠᠷ》; ᠮᠤᠷᠢᠨ ᠵᠢᠰᠤᠮ; ᠦᠩᠭᠡ; ᠪᠡᠯᠭᠡᠳᠡᠯ ᠤᠳᠬ᠎ᠠ
Abstract ᠮᠤᠷᠢᠨ ᠤ ᠨᠡᠷᠡᠢᠳᠤᠯ ᠨᠢ ᠡᠷᠳᠡᠨ ᠤ ᠮᠤᠩᠭᠤᠯᠴᠤᠳ ᠤᠨ ᠵᠠᠩ ᠠᠭ᠋ᠠᠯᠢ᠂ ᠰᠢᠳᠤᠯᠭᠡ ᠪᠢᠰᠢᠷᠡᠯ᠂ ᠠᠵᠦ ᠦᠢᠯᠡᠳᠪᠤᠷᠢᠯᠡᠯ ᠵᠠᠷᠭᠡ ᠲᠠᠢ ᠬᠤᠯᠪᠤᠭᠳᠠᠬᠤ ᠪᠡᠷ ᠦᠯᠦ ᠪᠠᠷᠠᠨ᠂ ᠲᠤᠬᠠᠢ ᠶᠢᠨ ᠦᠶ᠎ᠡ ᠶᠢᠨ ᠬᠦᠮᠦᠰ ᠤᠨ ᠲᠠᠨ᠋ᠢᠵᠦ ᠤᠢᠯᠠᠭ᠋ᠠᠬᠤ ᠴᠢᠳᠠᠪᠤᠷᠢ᠂ ᠰᠡᠳᠬᠢᠴᠡ ᠶᠢᠨ ᠤᠨᠴᠠᠯᠢᠭ᠂ ᠭᠤᠤ᠎ᠠ ᠵᠦᠢ ᠶᠢᠨ ᠬᠦᠭᠡᠭᠡᠴᠡᠯᠳᠤᠯ ᠵᠠᠷᠭᠡ ᠤᠯᠠᠨ ᠲᠠᠯ᠎ᠠ ᠯᠤᠭ᠎ᠠ ᠬᠤᠯᠪᠤᠭᠳᠠᠨ᠎ᠠ᠃ ᠮᠤᠷᠢᠨ ᠤ ᠵᠢᠰᠤᠮ ᠬᠡᠳᠡᠭ ᠨᠢ ᠮᠤᠷᠢᠨ ᠤ ᠦᠰᠤ ᠶᠢᠨ ᠦᠩᠭᠡ ᠵᠢ ᠬᠡᠯᠡᠵᠦ ᠪᠤᠢ᠃ ᠮᠤᠩᠭᠤᠯᠴᠤᠳ ᠤᠨ ᠲᠤᠮᠳᠠ ᠦᠩᠭᠡ ᠨᠢ ᠪᠡᠯᠭᠡᠳᠡᠯ ᠤᠳᠬ᠎ᠠ ᠪᠠᠷ ᠢᠯᠡ ᠪᠠᠢᠵᠦ᠂ ᠡᠨ᠋ᠡ ᠨᠢ ᠰᠤᠶᠤᠯ ᠰᠡᠳᠬᠢᠴᠡ᠂ ᠰᠢᠳᠤᠯᠭᠡ ᠪᠢᠰᠢᠷᠡᠯ ᠵᠠᠷᠭᠡ ᠤᠯᠠᠨ ᠵᠤᠢᠯ ᠤᠨ ᠡᠯᠸᠮᠸᠨ᠋ᠲ ᠤᠳ ᠡᠴᠨ ᠲᠤᠭᠳᠠᠭ᠋ᠠᠳᠠᠭᠰᠠᠨ ᠪᠠᠢᠳᠠᠭ᠃ ᠲᠡᠢᠨ ᠬᠦ ᠦᠩᠭᠡ ᠶᠢᠨ ᠪᠡᠯᠭᠡᠳᠡᠯ ᠰᠢᠨᠵᠢ ᠮᠤᠩᠭᠤᠯᠴᠤᠳ ᠤᠨ ᠠᠵᠦ ᠠᠮᠢᠳᠤᠷᠠᠯ ᠂ ᠵᠠᠩ ᠵᠠᠩᠰᠢᠯ ᠳᠤ ᠠᠭ᠋ᠤᠰᠤᠨ ᠰᠢᠩᠭᠡᠵᠦ ᠪᠠᠢᠳᠠᠭ ᠮᠦᠷᠳᠡᠭᠡᠨ ᠠᠮᠠᠨ ᠵᠤᠬᠢᠶᠠᠯ ᠤᠨ ᠰᠤᠩᠭᠤᠳᠠᠭ ᠬᠡᠯᠪᠡᠷᠢ ᠪᠤᠯᠤᠭᠰᠠᠨ ᠪᠠᠭ᠋ᠠᠳᠤᠷᠯᠢᠭ ᠲᠤᠤᠯᠢᠰ ᠲᠤ ᠮᠦᠨ ᠬᠦᠨ ᠨᠡᠪᠴᠢᠵᠦ ᠪᠠᠢᠳᠠᠭ᠃ ᠪᠠᠭ᠋ᠠᠳᠤᠷᠯᠢᠭ ᠲᠤᠤᠯᠢ 《ᠵᠠᠩᠭᠠᠷ》 ᠲᠡᠬᠢ ᠬᠦᠯᠦᠭ ᠮᠤᠷᠢᠨ ᠤ ᠵᠢᠰᠤᠮ ᠤᠨ ᠨᠠᠷᠡᠢᠳᠤᠯ ᠡᠴᠨ ᠡᠷᠳᠡᠨ ᠤ ᠮᠤᠩᠭᠤᠯᠴᠤᠳ ᠤᠨ ᠰᠢᠳᠤᠯᠭᠡ ᠪᠢᠰᠢᠷᠡᠯ᠂ ᠦᠵᠡᠯ ᠤᠬᠠᠮᠰᠠᠷ᠂ ᠬᠦᠰᠡᠯ ᠡᠷᠡᠮᠡᠯᠵᠡᠯ ᠵᠠᠷᠭᠡ ᠤᠳᠬ᠎ᠠ ᠠᠭ᠋ᠤᠯᠬᠤᠨ ᠢ ᠬᠠᠷᠠᠭ᠋ᠤᠯᠤᠭᠰᠠᠨ ᠦᠩᠬᠡ ᠶᠢᠨ ᠪᠡᠯᠭᠡᠳᠡᠯ ᠰᠢᠨᠵᠢ ᠵᠢ ᠤᠯᠵᠦ ᠬᠠᠷᠠᠨ᠎ᠠ᠃ 《 ᠵᠠᠩᠬ᠋ᠠᠷ》 ᠲᠤ ᠤᠯᠠᠨ ᠦᠩᠭᠡ ᠶᠢᠨ ᠬᠦᠯᠦᠭ ᠮᠤᠷᠢ ᠭᠠᠷᠳᠠᠭ ᠪᠤᠯᠪᠠᠴᠤ ᠦᠬᠦᠯᠡᠯ ᠳᠤ ᠭᠤᠤᠯᠳᠠᠬ᠋ᠤ ᠵᠢᠷᠭ᠋ᠤᠭ᠋ᠠᠨ ᠦᠩᠭᠡ ᠵᠢᠰᠤᠮ ᠤᠨ ᠬᠦᠯᠦᠭ ᠮᠤᠷᠢᠳ ᠤᠨ ᠲᠤᠬᠠᠢ ᠦᠬᠦᠯᠡᠬᠦ ᠵᠢ ᠬᠢᠴᠢᠶᠡᠪᠡ᠃
Original Literature View Original Paper
出自 中国蒙古学 2014年 第5期

联系我们


内蒙古大学图书馆
呼和浩特市大学西路235号
中国·内蒙古
P: (0471) 4992561
E: huangfeilong@imu.edu.cn