Paper Information


Title ᠮᠤᠩᠭ᠋ᠤᠯ ᠦᠨᠳᠤᠰᠤᠳᠡᠨ ᠤ ᠠᠷᠠᠳ ᠤᠨ ᠠᠮᠠᠨ ᠦᠯᠢᠭᠡᠷ ᠲᠠᠬᠢ ᠬᠠᠷᠢᠶᠠᠴᠠᠢ ᠱᠠᠭᠠᠵᠠᠭᠠᠢ ᠶᠢᠨ ᠬᠦᠮᠦᠨᠴᠢᠯᠡᠭᠰᠡᠨ ᠲᠦᠷᠢ
Creator ᠸᠠᠩ ᠭᠤᠤ ᠡ
Keyword ᠠᠮᠠᠨ ᠦᠯᠢᠭᠡᠷ; ᠬᠠᠷᠢᠶᠠᠴᠠᠢ ᠱᠠᠭᠠᠵᠠᠭᠠᠢ; ᠬᠦᠮᠦᠨᠴᠢᠯᠡᠭᠰᠡᠨ ᠲᠦᠷᠢ
Abstract ᠮᠤᠩᠭ᠋ᠤᠯ ᠦᠨᠳᠤᠰᠤᠳᠡᠨ ᠤ ᠠᠷᠠᠳ ᠤᠨ ᠠᠮᠠᠨ ᠵᠤᠬᠢᠶᠠᠯ ᠪᠤᠯ ᠡᠷᠳᠡ ᠴᠠᠭ ᠤᠨ ᠮᠤᠩᠭ᠋ᠤᠯᠴᠤᠤᠨ ᠤᠨ ᠤᠶᠤᠨ  ᠤ ᠰᠤᠶᠤᠯ ᠤᠨ ᠲᠦᠷᠦᠳᠡᠰᠤ ᠮᠦᠨ᠃ ᠲᠠᠳᠠᠨᠤᠰ ᠤᠨ ᠦᠵᠡᠯ ᠤᠬᠠᠮᠰᠠᠷ᠂ ᠢᠷᠠᠭᠤ ᠰᠠᠡᠢᠬᠠᠨ ᠤ ᠰᠡᠳᠬᠢᠯᠭᠡᠨ ᠤ ᠪᠠᠷᠢᠮᠳᠠ ᠪᠤᠯᠤᠭᠰᠠᠨ ᠨᠠᠡᠢᠯᠢᠭ ᠮᠦᠨ᠃ ᠮᠤᠩᠭ᠋ᠤᠯ ᠦᠨᠳᠤᠰᠤᠳᠡᠨ ᠤ ᠠᠷᠠᠳ ᠤᠨ ᠠᠮᠠᠨ ᠵᠤᠬᠢᠶᠠᠯ ᠦᠯᠢᠭᠡᠷ ᠪᠤᠶᠤ ᠪᠤᠰᠤᠤᠨ ᠦᠨᠳᠤᠰᠤᠳᠡᠨ ᠤ ᠠᠷᠠᠳ ᠤᠨ ᠠᠮᠠᠨ ᠵᠤᠬᠢᠶᠠᠯ ᠳᠤ ᠬᠦᠮᠦᠨᠴᠢᠯᠠᠨ ᠲᠦᠷᠰᠦᠯᠡᠭᠰᠡᠨ ᠬᠠᠷᠢᠶᠠᠴᠡᠢ ᠪᠡ ᠱᠠᠭᠠᠵᠠᠭᠠᠢ ᠶᠢᠨ ᠲᠦᠷᠢ ᠨᠢ ᠲᠤᠬᠠᠢ ᠶᠢᠨ ᠦᠶ ᠡ ᠶᠢᠨ ᠠᠷᠠᠳ ᠲᠦᠮᠠᠨ ᠤ ᠰᠤᠶᠤᠯ ᠰᠡᠳᠬᠢᠬᠦᠢ᠂ ᠦᠵᠡᠯ ᠤᠬᠠᠮᠰᠠᠷ᠂ᠭᠤᠤ ᠡ ᠰᠠᠡᠢᠬᠠᠨ ᠤ ᠦᠵᠠᠯᠳᠠ᠂ ᠡᠰᠡᠷᠭᠦᠴᠡᠯ ᠲᠠᠮᠠᠴᠡᠯ ᠤᠨ ᠵᠤᠷᠢᠭ ᠰᠠᠨᠠᠭ᠋ ᠡ ᠶᠢᠨ ᠢᠯᠠᠷᠠᠯ ᠪᠤᠯᠬᠤ ᠨᠢ ᠮᠠᠰᠢ ᠲᠤᠳᠤᠷᠬᠠᠢ᠃ ᠦᠨᠳᠤᠰᠤᠳᠡᠨ ᠨᠢᠭᠡᠪᠤᠷᠢ ᠶᠢᠨ ᠤᠳᠬ ᠡ ᠵᠤᠬᠢᠶᠠᠯ ᠨᠢ ᠪᠦᠷ ᠪᠤᠰᠤᠳ ᠡᠴᠨ ᠢᠯᠭᠠᠭᠳᠠᠭᠰᠠᠨ ᠤᠨᠴᠠᠯᠢᠭ᠂ ᠰᠡᠳᠤᠪ ᠮᠠᠲ᠋ᠸᠷᠢᠶᠠᠯ ᠪᠡ ᠭᠡᠪ ᠨᠠᠮᠪᠠ ᠶᠢᠨ ᠤᠨᠴᠠᠯᠢᠭ᠂ ᠦᠨᠳᠤᠰᠤᠳᠡᠨ ᠤ ᠰᠠᠨᠠᠭ᠋ ᠡ ᠰᠡᠳᠬᠢᠯᠭᠡ ᠶᠢᠨ ᠵᠦᠷᠢᠶ ᠡ᠂ᠢᠳᠡᠭᠡᠯ ᠪᠢᠰᠢᠷᠡᠯ ᠤᠨ ᠠᠳᠠᠯᠢ ᠪᠤᠰᠤ ᠡᠴᠨ ᠪᠤᠯᠵᠦ ᠬᠤᠭᠤᠷᠤᠨᠳᠤ ᠪᠡ ᠢᠯᠭᠠᠭᠳᠠᠳᠠᠭ᠃ ᠭᠡᠪᠡᠴᠦ ᠦᠨᠳᠤᠰᠤᠳᠡᠨ ᠶᠢᠨ ᠤᠳᠭ ᠡ ᠵᠤᠬᠢᠶᠠᠯ ᠨᠢ ᠦᠷᠦᠭᠡᠰᠤᠨ ᠶᠢᠷ ᠤᠷᠤᠰᠢᠨ ᠲᠤᠭᠳᠠᠨᠢᠬᠤ ᠪᠢᠰᠢ᠂ ᠬᠠᠷᠢᠯᠴᠠᠨ ᠨᠦᠯᠦᠭᠡᠯᠡᠵᠦ᠂ ᠢᠵᠢᠯᠢᠰᠢᠳᠡᠭ ᠡᠴᠨ ᠪᠤᠯᠵᠦ ᠦᠨᠳᠤᠰᠤᠳᠡᠨ ᠤ 《ᠴᠡᠪᠡᠷ》ᠠᠮᠠᠨ ᠦᠯᠢᠭᠡᠷ ᠭᠡᠵᠦ ᠶᠠᠷᠦ ᠪᠠᠡᠢᠳᠠᠭ ᠦᠭᠡᠢ᠃ ᠠᠳᠠᠯᠢ ᠪᠤᠰᠤ ᠦᠨᠳᠤᠰᠤᠳᠡᠨ ᠤ ᠠᠮᠠᠨ ᠦᠯᠢᠭᠡᠷ ᠢ ᠬᠠᠷᠢᠴᠠᠭᠤᠯᠤᠨ ᠰᠢᠨᠵᠢᠯᠠᠵᠦ᠂ ᠨᠠᠷᠢᠨ ᠨᠢᠭᠳᠠ ᠢᠯᠭᠠᠭ᠋ ᠡ ᠵᠦᠷᠢᠶ ᠡ ᠪᠡ ᠠᠳᠠᠯᠢ ᠲᠦᠰᠳᠡᠢ ᠲᠠᠯ ᠡ ᠵᠢ ᠰᠢᠨᠵᠢᠯᠠᠨ ᠰᠤᠳᠤᠯᠬᠤ ᠨᠢ ᠠᠮᠠᠨ ᠵᠤᠬᠢᠶᠠᠯ ᠤᠨ ᠰᠤᠳᠤᠯᠤᠯ ᠳᠤ ᠲᠤᠳᠠᠭᠳᠠᠵᠦ ᠪᠤᠯᠤᠰᠢ ᠦᠭᠡᠢ ᠠᠰᠠᠭᠤᠳᠠᠯ ᠪᠤᠯᠤᠨ᠎ ᠡ᠃
Original Literature View Original Paper
出自 中国蒙古学 2011年 第2期

联系我们


内蒙古大学图书馆
呼和浩特市大学西路235号
中国·内蒙古
P: (0471) 4992561
E: huangfeilong@imu.edu.cn