Abstract |
ᠲᠤᠰ ᠦᠭᠦᠯᠡᠯ ᠳ᠋ᠤ ᠮᠣᠩᠭᠯ ᠬᠢᠲᠠᠳ ᠮᠠᠲ᠋ᠧᠷᠢᠶᠠᠯ ᠢ ᠵᠣᠬᠢᠮᠵᠢᠲᠠᠢ ᠬᠠᠷᠢᠴᠠᠭᠤᠯᠵᠤ᠂ 《ᠮᠣᠨᠭᠤᠯ ᠤᠨ ᠵᠢᠷᠭᠤᠭᠠᠨ ᠲᠦᠮᠡᠨ ᠤ ᠮᠠᠭᠲᠠᠭᠠᠯ》 ᠢᠢᠡᠷ ᠭᠤᠤᠯ ᠰᠢᠵᠢᠮ ᠪᠣᠯᠭᠠᠨ 15-17 ᠳ᠋ᠤᠭᠠᠷ ᠵᠠᠭᠤᠨ ᠤ ᠦᠶ ᠡ ᠶᠢᠨ ᠮᠣᠩᠭᠤᠯ ᠤᠨ ᠵᠢᠷᠭᠤᠭᠠᠨ ᠲᠦᠮᠡᠨ ᠤ ᠪᠠᠷᠠᠭᠤᠨ ᠭᠠᠷ ᠤᠨ ᠨᠢᠭᠡᠨ ᠪᠣᠯᠬᠤ ᠶᠦᠩᠰᠢᠶᠠᠪᠤ ᠲᠦᠮᠡᠨ ᠤ ᠢᠷᠡᠯ ᠡᠭᠦᠰᠦᠯ᠂ ᠪᠦᠲᠦᠴᠡ ᠪᠦᠷᠢᠯᠳᠦᠭᠦᠨ᠂ ᠪᠣᠲᠠᠷᠠᠯ ᠵᠠᠳᠠᠷᠠᠯ ᠢ ᠭᠤᠤᠯᠴᠢᠯᠠᠨ ᠦᠭᠦᠯᠡᠭᠰᠡᠨ ᠪᠠ ᠲᠡᠭᠦᠨ ᠢ ᠮᠣᠩᠭᠤᠯ ᠤᠲᠤᠭ ᠠᠢᠮᠠᠭ ᠢᠢᠡᠷ ᠰᠠᠭᠤᠷᠢᠯᠠᠨ ᠪᠠᠷᠠᠭᠤᠨ ᠲᠠᠯ ᠠ ᠡᠴᠨ ᠡᠭᠦᠰᠦᠯ ᠲᠠᠢ ᠭᠡᠵᠦ ᠠᠩᠬ ᠠ ᠤᠳᠠᠭ᠎ᠠ ᠲᠡᠯᠭᠡᠷᠡᠭᠦᠯᠦᠨ ᠰᠣᠳᠤᠯᠬᠤ ᠶᠢᠨ ᠲᠠᠠᠭᠤ ᠤᠢᠷᠠᠳ ᠪᠦᠷᠢᠯᠳᠦᠭᠦᠨ ᠢ ᠲᠠᠰᠤᠷᠠᠯᠲᠠ ᠦᠭᠡᠢ ᠰᠢᠩᠭᠡᠭᠡᠨ ᠡᠴᠦᠰ ᠲᠡᠭᠡᠨ ᠲᠤᠩ ᠶᠡᠭᠡ ᠶᠦᠩᠰᠢᠶᠠᠪᠤ ᠲᠦᠮᠡᠨ ᠢ ᠪᠦᠷᠢᠯᠳᠦᠭᠦᠯᠦᠭᠰᠡᠨ ᠭᠡᠳᠡᠭ ᠦᠵᠡᠯᠲᠡ ᠪᠠᠨ ᠲᠤᠳᠤᠷᠬᠠᠢᠯᠠᠨ ᠦᠭᠦᠯᠡᠪᠡ᠃ |