Paper Information


Title ᠴᠠᠬᠠᠷ ᠬᠡᠪᠰᠢ ᠯᠣᠪᠰᠠᠩᠴᠦ᠋ᠯᠳᠦᠮ ᠤᠨ ᠦᠵᠡᠯ ᠰᠨᠠᠭᠠᠨ ᠤ ᠦᠨᠳᠦᠰᠦᠨ ᠴᠢᠭᠯᠡᠯ
Creator ᠣᠴᠢ
Keyword
Abstract ᠲᠤᠰ ᠦᠭᠦᠯᠡᠯ ᠳ᠋ᠤ ᠴᠠᠬᠠᠷ ᠬᠡᠪᠰᠢ ᠯᠠᠪᠰᠠᠩᠴᠦ᠋ᠯᠳᠦᠮ ᠤᠨ ᠠᠮᠢᠳᠤᠷᠠᠵᠤ ᠪᠠᠢᠭᠰᠠᠨ ᠨᠡᠢᠭᠡᠮ ᠲᠡᠦᠬᠡ ᠶᠢᠨ ᠣᠷᠴᠢᠨ ᠠᠬᠤᠢ᠂ ᠠᠮᠢᠳᠤᠷᠠᠯ ᠦᠢᠯᠠ ᠠᠵᠢᠯᠯᠠᠭ᠎ᠠ ᠪᠠ ᠵᠣᠬᠢᠶᠠᠯ ᠪᠦᠲᠦᠭᠡᠯ ᠵᠡᠷᠭᠡ ᠪᠡᠷ ᠨᠢ ᠭᠤᠤᠯ ᠦᠨᠳᠦᠰᠦᠯᠡᠯ  ᠢᠢᠡᠨ ᠪᠣᠯᠭᠠᠵᠤ᠂ ᠡᠨᠡ ᠬᠦ ᠭᠤᠷᠪᠠᠨ ᠲᠠᠯ ᠠ ᠶᠢᠨ ᠤᠶᠠᠯᠳᠤᠯ ᠳ᠋ᠤ ᠲᠤᠯᠭᠠᠭᠤᠷᠢᠯᠠᠨ ᠲᠡᠭᠦᠨ ᠤ ᠦᠵᠡᠯ ᠰᠠᠨᠠᠭᠠᠨ ᠤ ᠪᠣᠳᠠᠳᠠᠢ ᠢᠯᠡᠷᠡᠯ ᠢ ᠨᠢ ᠵᠠᠳᠠᠯᠤᠨ ᠰᠢᠨᠵᠢᠯᠡᠵᠡᠢ᠃ ᠢᠩᠭᠢᠭᠡᠳ ᠴᠠᠬᠠᠷ ᠬᠡᠪᠰᠢ ᠯᠣᠪᠰᠠᠩᠴᠦ᠋ᠯᠳᠦᠮ ᠤᠨ ᠦᠵᠡᠯ ᠰᠠᠨᠠᠭᠠᠨ ᠤ ᠦᠨᠳᠦᠰᠦᠨ ᠴᠢᠭᠯᠡᠯ ᠨᠢ ᠪᠣᠷᠬᠠᠨ ᠱᠠᠰᠢᠨ ᠤ ᠶᠣᠰᠤ ᠨᠣᠮᠯᠠᠯ ᠢ ᠤᠬᠠᠭᠤᠯᠵᠤ᠂ ᠬᠦᠮᠦᠨ ᠠᠷᠠᠳ ᠢ ᠣᠷᠴᠢᠯᠠᠩ ᠤᠨ ᠵᠣᠪᠠᠯᠠᠩ ᠡᠴᠡ ᠭᠡᠳᠦᠯᠬᠦ ᠵᠢ ᠵᠣᠷᠢᠭᠰᠠᠨ ᠡᠨᠡᠷᠢᠨ ᠨᠢᠭᠦᠯᠡᠰᠬᠦᠢ ᠦᠵᠡᠯᠲᠡ;ᠱᠠᠰᠢᠨ ᠤ ᠶᠣᠰᠤ ᠨᠣᠮᠯᠠᠯ  ᠡᠴᠡ ᠲᠡᠷᠰᠯᠠᠭᠴᠢ ᠬᠠᠷᠬᠢᠰ ᠬᠡᠷᠴᠡᠭᠡᠢ ᠂ ᠬᠤᠪᠳᠤᠭ ᠰᠢᠨᠤᠬᠠᠢ᠂ ᠵᠠᠯᠢ ᠮᠡᠭᠡᠲᠦ ᠠᠵᠢᠯᠯᠠᠭ᠎ᠠ ᠵᠢ ᠪᠣᠷᠤᠭᠤᠰᠢᠶᠠᠨ ᠰᠢᠬᠦᠮᠵᠢᠯᠡᠵᠦ᠂ ᠵᠠᠰᠠᠮᠵᠢᠯᠠᠨ ᠰᠠᠢᠵᠢᠷᠠᠭᠤᠯᠬᠤ ᠪᠡᠷ ᠨᠣᠮᠯᠠᠨ ᠰᠤᠷᠭᠠᠭᠰᠠᠨ ᠦᠵᠡᠯᠲᠡ; ᠲᠦᠪ ᠭᠤᠯᠴᠢ ᠪᠡᠷ ᠶᠠᠪᠤᠵᠤ᠂ ᠬᠦᠮᠦᠨ ᠠᠷᠠᠳ ᠢ ᠲᠤᠰᠠᠯᠠᠬᠤ ᠵᠢ ᠪᠠᠷᠢᠮᠲᠠᠯᠠᠨ᠂ ᠦᠭᠡᠭᠦᠦ ᠶᠠᠳᠠᠭᠤ ᠵᠢ ᠦᠷᠦ ᠡᠪᠡᠳᠬᠦ᠂ ᠦᠨᠳᠦᠰᠦ ᠤᠭᠰᠠᠭ᠎ᠠᠪᠠᠨ ᠬᠠᠢᠷᠠᠯᠠᠬᠤ ᠦᠵᠡᠯᠲᠡ; ᠡᠷᠳᠡᠮ ᠴᠢᠳᠠᠪᠤᠷᠢ ᠡᠷᠬᠢᠮᠯᠡᠵᠦ᠂ ᠦᠨᠡᠨ ᠮᠡᠳᠡᠯᠡ ᠵᠢ ᠴᠢᠬᠤᠯᠠᠴᠢᠠᠯᠭᠰᠠᠨ ᠦᠵᠡᠯᠲᠡ; ᠡᠷᠳᠡᠮ ᠮᠡᠳᠡᠯᠭᠡ ᠵᠢ ᠴᠢᠬᠤᠯᠠᠴᠢᠠᠯᠭᠰᠠᠨ ᠰᠤᠷᠭᠠᠨ ᠢᠳᠬᠠᠵᠤ᠂ ᠰᠣᠶᠣᠯ ᠰᠡᠩᠭᠡᠷᠡᠬᠦᠯᠦᠭᠰᠡᠨ ᠦᠵᠡᠯᠲᠡ ᠭᠡᠬᠦ ᠵᠡᠷᠭᠡ ᠲᠠᠯ ᠠ ᠪᠡᠷ ᠪᠣᠲᠠᠳᠤ ᠲᠤᠰᠬᠠᠯ ᠢᠢᠡᠨ ᠤᠯᠤᠭᠰᠠᠨ ᠭᠡᠵᠦ ᠦᠵᠡᠪᠡ᠃
Original Literature No Original Paper
出自 内蒙古师范大学学报 1996年 第2期

联系我们


内蒙古大学图书馆
呼和浩特市大学西路235号
中国·内蒙古
P: (0471) 4992561
E: huangfeilong@imu.edu.cn