Paper Information


Title ᠰᠢᠨ᠎ᠡ ᠡᠷᠢᠨ ᠤ ᠬᠤᠷᠴᠢᠨ ᠤᠳᠬ᠎ᠠ ᠵᠤᠬᠢᠶᠠᠯ ᠤᠨ ᠰᠢᠭᠦᠮᠵᠢ ᠳᠤ ᠤᠷᠤᠰᠢᠵᠤ ᠪᠠᠢ᠌ᠭ᠎ᠠ ᠠᠰᠠᠭᠤᠳᠠᠯ ᠤᠨ ᠲᠤᠬᠠᠢ
Creator ᠲᠤᠶᠠᠭ᠎ᠠ
Keyword ᠰᠢᠨ᠎ᠡ ᠡᠷᠢᠨ; ᠬᠤᠷᠴᠢᠨ ᠤᠳᠬ᠎ᠠ ᠵᠤᠬᠢᠶᠠᠯ; ᠰᠢᠭᠦᠮᠵᠢ
Abstract ᠰᠢᠨ᠎ᠡ ᠡᠷᠢᠨ ᠳᠤ ᠤᠷᠤᠵᠤ ᠢᠷᠡᠭᠡᠳ ᠬᠤᠷᠴᠢᠨ ᠤᠳᠬ᠎ᠠ ᠵᠤᠬᠢᠶᠠᠯ ᠤᠨ ᠵᠤᠬᠢᠶᠠᠨ ᠪᠦᠳᠦᠭᠡᠯᠭᠡ ᠶᠢᠨ ᠦᠢᠯᠡᠳᠦᠯᠭᠡ ᠶᠢ ᠤᠷᠤᠨ ᠨᠤᠳᠤᠭ ᠤᠨ ᠦᠨᠤᠷ ᠠᠮᠳᠠ᠂ ᠬᠡᠪ ᠨᠠᠮᠪᠠ ᠵᠡᠷᠭᠡ ᠬᠠᠷᠠᠭᠠᠰᠤ ᠴᠡᠭ ᠡᠴᠡ ᠬᠠᠢ᠌ᠨ ᠰᠦᠪᠡᠭ᠍ᠴᠢᠯᠡᠵᠦ᠂ ᠬᠤᠷᠴᠢᠨ ᠤᠳᠬ᠎ᠠ ᠵᠤᠬᠢᠶᠠᠯ ᠤᠨ ᠬᠦᠭ᠍ᠵᠢᠯ ᠤᠨ ᠦᠢᠯᠡᠰ ᠲᠤ ᠬᠤᠪᠢ ᠨᠡᠮᠡᠷᠢ ᠪᠠᠨ ᠦᠵᠡᠭᠦᠯᠦᠭᠰᠡᠨ ᠤᠨᠤᠯ ᠰᠢᠭᠦᠮᠵᠢᠯᠡᠭᠴᠢᠳ ᠴᠤᠯᠭᠤᠷᠠᠨ ᠭᠠᠷᠴᠠᠢ᠃ ᠲᠡᠳᠡᠨ ᠤ ᠰᠤᠳᠤᠯᠤᠯ ᠰᠢᠭᠦᠮᠵᠢ ᠨᠢ ᠬᠤᠷᠴᠢᠨ ᠤ ᠵᠤᠬᠢᠶᠠᠯᠴᠢ᠂ ᠵᠤᠬᠢᠶᠠᠯ ᠪᠦᠳᠦᠭᠡᠯ ᠤᠨ ᠲᠤᠬᠠᠢ ᠦᠨᠡᠯᠡᠯ ᠰᠢᠭᠦᠮᠵᠢᠯᠡᠯ ᠡᠴᠡ ᠬᠤᠷᠴᠢᠨ ᠤᠳᠬ᠎ᠠ ᠵᠤᠬᠢᠶᠠᠯ ᠤᠨ ᠬᠤᠷᠸᠠᠴᠢ ᠰᠤᠳᠤᠯᠭᠠᠨ ᠳᠤ ᠬᠦᠷᠴᠦ ᠮᠡᠳᠡᠭᠳᠡᠮ᠎ᠡ ᠠᠮᠵᠢᠯᠳᠠ ᠤᠯᠤᠭᠰᠠᠨ ᠶᠤᠮ᠃ ᠭᠡᠶ᠎ᠡ ᠬᠤᠷᠴᠢᠨ ᠤᠳᠬ᠎ᠠ ᠵᠤᠬᠢᠶᠠᠯ ᠤᠨ ᠰᠤᠳᠤᠯᠤᠯ ᠰᠢᠭᠦᠮᠵᠢ ᠶᠢᠨ ᠰᠤᠳᠤᠯᠭᠠᠨ ᠰᠢᠰᠲ᠋ᠸᠮ ᠲᠠᠢ ᠶᠠᠪᠤᠭᠳᠠᠭ᠎ᠠ ᠦᠭᠡᠢ ᠪᠠᠢ᠌ᠨ᠎ᠠ᠃ ᠡᠨᠡ ᠪᠠᠢ᠌ᠳᠠᠯ ᠢ ᠡᠮᠬᠢᠳᠭᠡᠨ ᠲᠢᠭ᠍ᠯᠡᠵᠦ᠂ ᠰᠢᠭᠦᠮᠵᠢ ᠪᠢᠴᠢᠯᠭᠡ ᠶᠢᠨ ᠬᠡᠪᠰᠢᠮᠡᠯ ᠵᠤᠷᠰᠢᠯ ᠳᠤ ᠬᠢ ᠪᠠᠷᠢᠭᠳᠠᠯ᠂ ᠰᠢᠭᠦᠮᠵᠢᠯᠡᠭᠴᠢ ᠶᠢᠨ ᠰᠢᠭᠦᠮᠵᠢᠯᠡᠬᠦ ᠤᠪᠤᠷ ᠰᠤᠷᠳᠠᠯ ᠤᠨ ᠨᠠᠵᠠᠭᠠᠢ᠌ᠷᠠᠯ ᠭᠡᠬᠦ ᠬᠤᠶᠠᠷ ᠲᠠᠯ᠎ᠠ ᠡᠴᠡ ᠦᠭᠦᠯᠡᠵᠡᠢ᠃
Original Literature View Original Paper
出自 内蒙古民族大学学报(社会科学) 2015年 第2期

联系我们


内蒙古大学图书馆
呼和浩特市大学西路235号
中国·内蒙古
P: (0471) 4992561
E: huangfeilong@imu.edu.cn