Title |
ᠬᠤᠭᠤᠷ ᠤᠨ ᠦᠯᠢᠭᠡᠷ ᠤᠨ ᠤᠷᠠᠯᠢᠭ ᠤᠨ ᠣᠨᠴᠠᠯᠢᠭ ᠤᠨ ᠲᠣᠬᠠᠢ |
Creator |
ᠨᠤ•ᠰᠦᠮᠪᠦᠷ |
Keyword |
ᠬᠤᠭᠤᠷ ᠤᠨ ᠦᠯᠢᠭᠡᠷ; ᠤᠷᠠᠯᠢᠭ ᠤᠨ ᠣᠨᠴᠠᠯᠢᠭ; ᠤᠷᠤᠨ ᠨᠤᠲᠤᠭ ᠤᠨ ᠣᠨᠴᠠᠯᠢᠭ;ᠤᠯᠠᠮᠵᠢᠯᠠᠯᠭᠳᠠᠬᠤ ᠭᠡᠯᠪᠡᠷᠢ |
Abstract |
ᠨᠡᠢᠭᠡᠮ ᠤᠨ ᠭᠦᠭᠵᠢᠯᠲᠡ᠂ ᠰᠣᠶᠣᠯ ᠭᠡᠭᠡᠷᠡᠯ ᠤᠨ ᠦᠷᠭᠡᠵᠢᠬᠦ ᠵᠢ ᠲᠠᠭᠠᠯᠳᠤᠨ ᠬᠤᠭᠤᠷ ᠤᠨ ᠦᠯᠢᠭᠡᠷ ᠴᠦ ᠲᠦᠷᠭᠡᠨ ᠭᠦᠭᠵᠢᠵᠦ ᠢᠷᠡᠭᠰᠡᠨ ᠶᠣᠮ᠃ ᠡᠨᠡ ᠨᠢ ᠮᠣᠩᠭᠤᠯᠴᠤᠳ ᠤᠨ ᠤᠶᠣᠨ ᠤᠬᠠᠭᠠᠨ᠂ ᠰᠣᠶᠣᠯ ᠤᠨ ᠠᠮᠢᠳᠤᠷᠠᠯ ᠳ᠋ᠤ ᠵᠣᠬᠢᠬᠤ ᠦᠢᠯᠡᠳᠦᠯ ᠢᠢᠡᠨ ᠦᠵᠡᠭᠦᠯᠦᠭᠰᠡᠭᠡᠷ ᠢᠷᠡᠵᠡᠢ᠂ ᠮᠣᠩᠭᠤᠯ ᠦᠨᠳᠦᠰᠦᠲᠡᠨ ᠤ ᠲᠡᠦᠬᠡᠨ ᠳ᠋ᠤ ᠴᠣᠯᠭᠤᠷᠠᠨ ᠭᠠᠷᠴᠦ ᠢᠷᠡᠭᠰᠡᠨ ᠬᠤᠭᠤᠷᠴᠢᠳ ᠨᠢ ᠴᠦᠮ ᠵᠣᠬᠢᠶᠠᠯᠴᠢ᠂ᠲᠠᠭᠤᠴᠢ᠂ ᠭᠦᠭᠵᠢᠮᠴᠢ᠂ ᠲᠦᠷᠰᠦᠯᠡᠨ ᠲᠤᠭᠯᠠᠭᠴᠢ᠂ ᠲᠡᠭᠦᠨᠴᠢᠯᠡᠨ ᠬᠡᠯᠡᠨ ᠤ ᠡᠷᠳᠡᠮᠲᠡᠨ ᠪᠠᠢᠭᠰᠠᠨ ᠶᠣᠮ᠃ ᠤᠡᠲᠤ ᠤᠳᠠᠭᠠᠨ ᠬᠤᠭᠤᠴᠠᠭᠠᠨ ᠤ ᠲᠡᠦᠬᠡᠨᠦᠢᠯᠡᠳᠦᠯᠭᠡ ᠲᠤᠮᠳᠠ᠂ ᠲᠡᠳᠡ ᠡᠨᠡᠬᠦ ᠬᠤᠭᠤᠷᠳᠠᠬᠤ᠂ ᠲᠠᠭᠤᠯᠠᠬᠤ᠂ ᠲᠤᠭᠯᠠᠬᠤ᠂ ᠶᠷᠢᠬᠤ ᠵᠢ ᠬᠠᠮᠲᠤᠷᠭᠠᠭᠰᠠᠨ ᠤᠷᠠᠯᠢᠭ ᠤᠨ ᠬᠡᠯᠪᠡᠷᠢ ᠵᠢ ᠪᠦᠲᠦᠭᠡᠵᠦ ᠭᠦᠭᠵᠢᠭᠦᠯᠦᠭᠰᠡᠨ ᠪᠠᠢᠨ᠎ᠠ᠃ ᠬᠤᠭᠤᠷ ᠤᠨ ᠦᠯᠢᠭᠡᠷ ᠤᠨ ᠬᠡᠯᠪᠡᠷᠢ ᠨᠢ ᠲᠦᠭᠦᠮᠭᠡᠨ᠂ ᠠᠭᠤᠯᠭ᠎ᠠ ᠨᠢ ᠪᠠᠶᠠᠯᠢᠭ᠂ ᠬᠡᠯᠡ ᠬᠯᠡᠯᠭᠡ ᠨᠢ ᠲᠦᠷᠰᠦᠯᠢᠭ᠂ ᠠᠶ ᠠ ᠠᠢᠵᠠᠮ ᠨᠢ ᠢᠷᠠᠭᠤ ᠰᠠᠢᠬᠠᠨ᠂ ᠤᠷᠠᠯᠢᠭ ᠤᠨ ᠢᠯᠡᠳᠭᠡᠬᠦ ᠴᠢᠳᠠᠪᠤᠷᠢ ᠨᠢ ᠴᠢᠩᠭ᠎ᠠ ᠪᠠᠢᠳᠠᠭ ᠢᠢᠡᠷ ᠢᠢᠡᠨ ᠰᠤᠨᠤᠰᠤᠭᠴᠢᠳ ᠤᠨ ᠰᠤᠨᠢᠷᠬᠠᠯ ᠢ ᠶᠡᠬᠡᠯ ᠡ ᠲᠠᠲᠠᠭᠰᠠᠭᠠᠷ ᠢᠷᠡᠵᠡᠢ᠃ ᠲᠤᠰ ᠦᠬᠦᠯᠡᠯ ᠳ᠋ᠤ ᠬᠤᠭᠤᠷ ᠤᠨ ᠦᠯᠢᠭᠡᠷ ᠤᠨ ᠶᠡᠷᠦᠩᠬᠡᠢ ᠴᠢᠨᠠᠷ᠂ᠪᠠᠭᠲᠠᠭᠠᠮᠵᠢᠲᠤ ᠴᠢᠨᠠᠷ ᠪᠠ ᠬᠤᠪᠢᠷᠠᠮᠠᠲᠠᠭᠠᠢ ᠴᠢᠨᠠᠷ᠂ ᠤᠷᠤᠨ ᠨᠤᠲᠤᠭ ᠤᠨ ᠬᠢᠨᠢ ᠣᠨᠴᠠᠯᠢᠭ ᠰᠢᠨᠵᠢ᠂ ᠲᠤᠰᠬᠠᠢ ᠮᠡᠷᠭᠡᠵᠢᠯᠲᠦ ᠴᠢᠨᠠᠷ ᠪᠠ ᠠᠷᠠᠳᠴᠢ ᠴᠢᠨᠠᠷ᠂ ᠤᠷᠣᠨ ᠨᠤᠲᠤᠭ ᠤᠨ ᠬᠢᠨᠢ ᠣᠨᠴᠠᠯᠢᠭ ᠰᠢᠨᠵᠢ᠂ ᠲᠤᠰᠬᠠᠢ ᠮᠡᠭᠡᠵᠢᠯᠲᠦ ᠴᠢᠨᠠᠷ ᠪᠠ ᠠᠷᠠᠳᠴᠢᠨ ᠴᠢᠨᠠᠷ᠂ ᠲᠤᠮᠢᠶᠠᠯᠠᠯᠲᠦ ᠴᠢᠨᠠᠷ ᠪᠠ ᠠᠮᠢᠳᠤᠯᠢᠭ ᠴᠢᠨᠠᠷ᠂ ᠲᠣᠬᠠᠢᠯᠠᠪᠠᠯ ᠠᠮᠠ ᠬᠡᠯᠡ ᠪᠡᠷ ᠲᠠᠮᠵᠢᠨ ᠤᠯᠠᠮᠵᠢᠯᠠᠭᠳᠠᠬᠤ ᠵᠡᠷᠭᠡ ᠣᠨᠴᠠᠯᠢᠭ ᠬᠡᠯᠪᠡᠷᠢ ᠨᠤᠭᠦᠳ ᠢ ᠦᠭᠦᠯᠡᠬᠦ ᠪᠡᠷ ᠪᠣᠢ᠃ |
Original Literature |
No Original Paper
|
出自 |
内蒙古师范大学学报
2000年
第4期
|