Abstract |
ᠣᠷᠴᠢᠨ ᠦᠶ ᠡ ᠪᠣᠶᠤ ᠤᠢᠷ ᠠ ᠦᠶ ᠡ ᠶᠢᠨ ᠤᠳᠬ ᠠ ᠵᠣᠬᠢᠶᠠᠯ ᠤᠨ ᠲᠡᠦᠬᠡᠨ ᠡᠴᠡ ᠦᠵᠡᠪᠡᠯ ᠶᠡᠷᠦᠩᠬᠡᠢ ᠳ᠋ᠡᠭᠡᠨ ᠦᠭᠦᠯᠡᠯᠭᠡ ᠮᠡᠲᠦ ᠢᠨ ᠤᠬᠤᠷ ᠰᠢᠭ ᠲᠤᠭᠤᠵᠢᠰ ᠲᠤ ᠶᠡᠷᠦᠨᠢ ᠰᠡᠳᠬᠢᠯᠭᠡ ᠶᠢᠨ ᠵᠢᠠ ᠬᠢᠭᠡᠳ ᠦᠶᠡᠯᠡᠭᠦᠯ ᠢ ᠲᠤᠰ ᠲᠤᠰ ᠲᠤᠨᠢ ᠰᠠᠯᠭᠠᠨ ᠠᠰᠢᠭᠯᠠᠵᠤ ᠤᠷᠠᠨ ᠲᠦᠷᠢ ᠶᠢᠨ ᠪᠣᠳᠠᠭᠠᠯᠢ ᠴᠢᠨᠠᠷ ᠪᠣᠶᠤ ᠠᠮᠢᠳᠤᠯᠢᠭ ᠰᠢᠨᠵᠢ ᠶᠢᠨ ᠠᠯᠢ ᠨᠢᠭᠡ ᠲᠠᠯ ᠠ ᠳ᠋ᠤᠨᠢ ᠭᠤᠤᠯ ᠠᠩᠬᠠᠷᠤᠯ ᠢᠢᠡᠨ ᠲᠦᠪᠯᠡᠷᠡᠭᠦᠯᠳᠡᠭ᠌ ᠪᠦᠭᠡᠳ ᠤᠷᠲᠤ ᠰᠢᠭ᠋ ᠲᠤᠭᠤᠵᠢ᠂ ᠂ ᠷᠤᠮᠠᠨ ᠮᠡᠳᠦᠰ ᠤᠨ ᠬᠠᠭᠤᠳᠠᠰᠤ ᠬᠡᠪᠴᠢᠶ ᠠ ᠪᠡᠷ ᠶᠡᠬᠡ᠂《ᠲᠤᠭᠴᠢᠯᠠᠭᠴᠢᠳ》 ᠤᠯᠠᠨ᠂ ᠠᠭᠤᠯᠭ ᠠ ᠪᠠᠶᠠᠯᠢᠭ᠂ ᠰᠠᠨᠠᠭ᠎ᠠ ᠲᠡᠯᠭᠡᠷ ᠲᠤᠭᠤᠵᠢᠰ ᠲᠤ ᠰᠠᠶᠢ ᠡᠨᠡᠬᠦ ᠬᠤᠶᠠᠷ ᠵᠦᠢᠯ ᠤᠨ ᠠᠷᠭ᠎ᠠ ᠵᠢ ᠰᠣᠯᠪᠢᠴᠠᠭᠤᠯᠤᠨ ᠬᠡᠷᠡᠭᠯᠡᠳᠡᠭ ᠪᠠᠢᠵᠠᠢ᠃ ᠭᠡᠳᠡᠯ ᠠ ᠨᠠᠶᠠᠭᠠᠳ ᠤᠨ ᠤ ᠮᠣᠩᠭᠤᠯ ᠲᠤᠭᠤᠵᠢᠰ ᠢ ᠨᠡᠢᠲᠡᠮ ᠳ᠋ᠤᠨᠢ ᠠᠮᠲᠠᠷᠬᠠᠨ ᠣᠩᠰᠢᠬᠤ ᠶᠠᠪᠤᠴᠠ ᠳ᠋ᠤ ᠰᠡᠳᠬᠢᠯᠭᠡ ᠶᠢᠨ ᠵᠠᠢ ᠬᠢᠭᠡᠳ ᠦᠶᠡᠯᠡᠭᠦᠯᠦᠯ ᠢ ᠰᠣᠯᠪᠢᠴᠢᠭᠤᠯᠤᠨ ᠪᠤᠳᠤᠯᠢᠶᠠᠨᠲᠤ ᠪᠦᠲᠦᠴᠡ ᠵᠢ ᠪᠦᠷᠢᠯᠳᠦᠬᠦᠯᠵᠦ ᠤᠷᠠᠨ ᠪᠦᠲᠦᠭᠡᠯ ᠤᠨ ᠢᠢᠡᠨ ᠲᠤᠳᠤᠭᠠᠲᠤ ᠤᠷᠤᠨ ᠵᠠᠢ ᠵᠢ ᠲᠡᠯᠡᠭᠡᠳ ᠪᠠᠭᠲᠠᠭᠠᠮᠵᠢ ᠪᠠᠨ ᠶᠠᠬᠡᠰᠭᠡᠬᠦ ᠪᠡᠷ ᠤᠬᠠᠮᠰᠠᠷ ᠲᠠᠢ ᠤᠷᠤᠯᠳᠤᠭᠰᠨ ᠤᠷᠲᠤ ᠰᠢᠭ ᠦᠭᠦᠯᠡᠯᠭᠡ ᠪᠣᠶᠤ ᠤᠬᠤᠷ ᠰᠢᠭ᠋ ᠲᠤᠭᠤᠵᠢ ᠵᠦᠩᠳᠡᠭᠡᠨ ᠲᠣᠬᠢᠶᠠᠯᠳᠤᠨ᠎ᠠ᠂ ᠡᠨᠡ ᠨᠢᠡᠨᠡᠬᠦ ᠱᠠᠲᠤᠨ ᠤ ᠮᠣᠩᠭᠤᠯ ᠲᠤᠭᠤᠵᠢᠰ ᠤᠨ ᠰᠡᠳᠬᠢᠯᠭᠡ ᠶᠨ ᠢᠯᠡᠷᠡᠭᠦᠯᠡᠦᠯ ᠤᠨ ᠲᠠᠯ ᠠ ᠪᠡᠷ ᠬᠢ ᠪᠠᠰᠠ ᠨᠢᠭᠡᠨ ᠲᠤᠪᠤᠢᠮ ᠠ ᠣᠨᠴᠠᠯᠢᠭ ᠪᠣᠯᠵᠤ ᠮᠠᠨ ᠤ ᠠᠩᠬᠠᠷᠤᠯ ᠢ ᠲᠠᠳᠠᠯ ᠠ᠃ |