Title |
ᠬᠤᠷᠴᠢᠨ ᠵᠠᠬᠦᠨ ᠭᠠᠷᠤᠨ ᠬᠤᠢᠳᠤ ᠬᠤᠰᠢᠭ᠋᠋ᠤᠨ ᠤ ᠠᠭ᠋᠋ᠤᠯᠠ ᠪᠠᠯᠭ᠋᠋ᠠᠰᠤᠨ ᠤ ᠮᠤᠩᠭᠤᠯᠴᠤᠳ ᠤᠨ ᠠᠮᠠᠨ ᠶᠠᠷᠢᠶᠠᠨ ᠤ ᠨᠠᠢᠭᠡᠮ ᠲᠡᠤᠭᠡ ᠶᠢᠨ ᠠᠬᠤᠢ ᠪᠠᠢᠳᠠᠯ |
Creator |
ᠦᠷᠡᠴᠡᠴᠡᠭ; ᠲᠤᠯᠭ᠋ᠠᠭ᠋ᠤᠷᠢ |
Keyword |
ᠬᠤᠷᠴᠢᠨ ᠵᠠᠬᠦᠨ ᠭᠠᠷᠤᠨ ᠬᠤᠢᠳᠤ ᠬᠤᠰᠢᠭ᠋ᠤ; ᠠᠮᠠᠨ ᠶᠠᠷᠢᠶ᠎ᠡ; ᠤᠷᠴᠢᠨ ᠠᠬᠤᠢ; ᠨᠡᠢᠭᠡᠮ ᠰᠤᠶᠦᠯ;ᠠᠶᠠᠯᠭ᠋ᠤᠨ ᠤ ᠨᠦᠯᠤᠭᠡ |
Abstract |
ᠬᠡᠯᠡ ᠪᠤᠶᠤ ᠠᠶᠠᠯᠭ᠋ᠤᠨ ᠤ ᠨᠦᠯᠦᠭᠡᠯᠡᠯᠴᠡᠯ ᠨᠢ ᠵᠦᠪᠬᠡᠨ ᠬᠡᠯᠡᠨ ᠤ ᠪᠦᠳᠤᠴᠡ ᠶᠢᠨ ᠤᠨᠴᠠᠯᠢᠭ(ᠠᠪᠢᠶ᠎ᠠ᠂ ᠬᠡᠯᠡ ᠵᠦᠢ᠂ ᠦᠭᠡᠰ ᠤᠨ ᠰᠠᠩ)᠋ ᠤᠨ ᠵᠦᠷᠢᠶᠠᠳᠤ ᠴᠢᠨ᠋ᠠᠷ ᠲᠡᠭᠡᠷ᠎ᠡ ᠢᠯᠡᠷᠡᠬᠦ ᠪᠠᠷ ᠵᠤᠭᠰᠤᠰᠢ ᠦᠭᠡᠢ᠂ ᠪᠠᠰᠠ ᠬᠡᠯᠡ ᠪᠤᠶᠤ ᠠᠶᠠᠯᠭ᠋ᠤᠨ ᠤ ᠬᠡᠷᠡᠭᠯᠡᠭᠳᠡᠵᠦ ᠪᠠᠢᠭ᠎ᠡ ᠨᠨᠢ᠋ᠭᠡᠮ ᠠᠬᠤᠢ ᠶᠢᠨ ᠬᠤᠪᠢᠷᠠᠯᠳᠠ ᠬᠦᠭᠵᠢᠯᠳᠡ ᠲᠠᠢ ᠰᠢᠭ᠋ᠤᠳ ᠬᠤᠯᠪᠤᠭᠳᠠᠳᠠᠭ ᠶᠤᠮ᠃ ᠡᠢᠮᠦ ᠡᠴᠨ ᠬᠡᠯᠡ ᠪᠤᠶᠤ ᠠᠶᠠᠯᠭ᠋ᠤ ᠵᠢ ᠰᠤᠳᠤᠯᠬᠤ ᠳᠤ ᠵᠦᠪᠬᠡᠨ ᠬᠡᠯᠡᠨ ᠤ ᠪᠦᠳᠤᠴᠡ ᠶᠢᠨ ᠤᠨᠴᠠᠯᠢᠭ ᠢ ᠨᠢ ᠰᠤᠳᠤᠯᠤᠭ᠋ᠠᠳ ᠪᠤᠯᠬᠤ ᠪᠢᠰᠢ᠂ᠮᠦᠨ ᠪᠠᠰᠠ ᠬᠡᠯᠡ ᠪᠤᠶᠤ ᠠᠶᠠᠯᠭ᠋ᠤᠨ ᠤ ᠬᠡᠷᠡᠭᠯᠡᠭᠳᠡᠵᠦ ᠪᠠᠢᠭ᠎ᠡ ᠨᠠᠢᠭᠡᠮ ᠠᠬᠤᠢ ᠶᠢᠨ ᠪᠠᠢᠳᠠᠯ ᠢ ᠨᠢ ᠰᠢᠨᠵᠢᠯᠡᠨ ᠰᠤᠳᠤᠯᠬᠤ ᠴᠢᠬᠤᠯᠠ ᠲᠠᠢ ᠶᠤᠮ᠃ ᠪᠢᠳᠠ ᠬᠤᠷᠴᠢᠨ ᠵᠠᠬᠦᠨ ᠭᠠᠷᠤᠨ ᠬᠤᠢᠳᠤ ᠬᠤᠰᠢᠭ᠋ᠤᠨ(ᠪᠦᠸᠸ ᠸᠠᠩ᠋ ᠤᠨ ᠬᠤᠰᠢᠭ᠋ᠤ)᠋ ᠤ ᠠᠭ᠋ᠤᠯᠠ ᠪᠠᠯᠭ᠋ᠠᠰᠤ ᠪᠠᠷ ᠪᠠᠢᠴᠠᠭ᠋ᠠᠯᠳᠠ ᠶᠢᠨ ᠴᠡᠭ ᠲᠠᠮᠳᠡᠭ᠌ ᠪᠤᠯᠭ᠋ᠠᠨ ᠬᠤᠪᠢ ᠬᠦᠮᠦᠨ ᠤ ᠬᠡᠬᠡᠷ᠎ᠡ ᠶᠢᠨ ᠪᠠᠢᠴᠠᠭ᠋ᠠᠯᠳᠠ ᠶᠢᠨ ᠰᠠᠭ᠋ᠤᠷᠢᠨ ᠲᠡᠭᠡᠷ᠎ᠡ᠂ ᠲᠤᠰ ᠭᠠᠵᠠᠷ ᠤᠷᠤᠨ ᠤ ᠮᠤᠩᠭᠤᠯᠴᠤᠳ ᠤᠨ ᠪᠠᠢᠭ᠋ᠠᠯᠢ ᠭᠠᠵᠠᠷ ᠵᠦᠢ ᠶᠢᠨ ᠪᠠᠢᠷᠢᠰᠢᠯ ᠪᠡ ᠨᠠᠢᠭᠡᠮ ᠰᠤᠶᠤᠯ ᠤᠨ ᠤᠷᠴᠢᠨ ᠠᠬᠤᠢ ᠶᠢᠨ ᠲᠤᠬᠠᠢ ᠵᠠᠳᠠᠯᠤᠨ ᠰᠢᠨᠵᠢᠯᠡᠬᠦ ᠪᠠᠷ ᠲᠠᠮᠵᠢᠨ ᠠᠭ᠋ᠤᠯᠠ ᠪᠠᠯᠭ᠋ᠠᠰᠤᠨ ᠤ ᠮᠤᠩᠭᠤᠯᠴᠤᠳ ᠤᠨ ᠡᠬᠦᠰᠤᠯ ᠪᠦᠷᠢᠯᠳᠤᠯ᠂ᠠᠮᠠᠨ ᠶᠠᠷᠢᠶᠠᠨ ᠤ ᠲᠡᠤᠭᠡ ᠶᠢᠨ ᠤᠷᠴᠢᠨ ᠠᠭᠤᠢ ᠵᠢᠴᠢ ᠠᠶᠠᠯᠭ᠋ᠤᠨ ᠤ ᠤᠢᠷᠠᠳᠤᠯᠴᠠᠭᠠ ᠨᠦᠯᠦᠭᠡᠯᠡᠯᠴᠡᠯ ᠶᠢᠨ ᠪᠠᠢᠳᠠᠯ ᠢ ᠲᠤᠳᠤᠯᠠᠬᠤ ᠪᠠᠷ ᠵᠤᠷᠢᠭᠰᠠᠨ ᠶᠤᠮ᠃ |
Original Literature |
View Original Paper
|
出自 |
中国蒙古学
2014年
第3期
|