Paper Information


Title 《ᠮᠣᠩ᠋ᠭᠤᠯ ᠤᠨ ᠨᠢᠭᠤᠴᠠ ᠲᠤᠪᠴᠢᠶᠠᠨ》᠋ ᠳᠠᠬᠢ ᠳᠠᠢ᠌ᠪᠤᠷᠢ ᠦᠭᠡ ᠡᠭᠦᠰᠭᠡᠬᠦ ᠳᠠᠭᠠᠪᠤᠷᠢ ᠷᠤ᠂ ‍ᠰ  ᠤᠨ ᠲᠤᠬᠠᠢ ᠰᠢᠨᠵᠢᠯᠡᠭᠡ
Creator ᠤᠷᠢᠶᠠᠩ᠋ᠬᠠᠲᠠᠢ ᠬᠦᠷᠡᠯᠪᠠᠭᠠᠲᠤᠷ
Keyword
Abstract 《ᠮᠣᠩ᠋ᠭᠤᠯ ᠤᠨ ᠨᠢᠭᠤᠴᠠ ᠲᠤᠪᠴᠢᠶᠠᠨ》᠋ ᠳᠤ ᠭᠠᠷᠳᠠᠭ 《ᠷᠤ᠂ ‍ᠰ》ᠬᠤᠶᠠᠷ ᠪᠤᠯ ᠴᠦᠮ ᠳᠠᠢ᠌ᠪᠤᠷᠢ ᠦᠭᠡ ᠡᠭᠦᠰᠭᠡᠬᠦ ᠳᠠᠭᠠᠪᠤᠷᠢ ᠪᠤᠯᠤᠨ᠎ᠠ᠃ ᠡᠮᠦᠨᠡᠬᠢ ᠨᠢ ᠦᠢᠯᠡ ᠬᠦᠳᠡᠯᠭᠡᠭᠡᠨ ᠦ ᠡᠩ ᠦᠨ ᠪᠠᠢ᠌ᠳᠠᠯ ᠲᠠᠢ ᠶᠠᠪᠤᠭᠳᠠᠬᠤ ᠶᠢ ᠦᠵᠡᠭᠦᠯᠵᠦ᠂ ᠬᠤᠢ᠌ᠨᠠᠬᠢ ᠨᠢ ᠦᠢᠯᠡ ᠬᠦᠳᠡᠯᠭᠡᠭᠡᠨ ᠦ ᠭᠡᠨᠡᠳᠲᠡ ᠪᠡᠷ ᠪᠤᠶᠤ ᠬᠤᠷᠤᠮᠬᠠᠨ ᠵᠠᠭᠤᠷ᠎ᠠ ᠪᠡᠶᠡᠯᠡᠭᠳᠡᠬᠦ ᠪᠠᠢ᠌ᠳᠠᠯ ᠢ ᠦᠵᠡᠭᠦᠯᠳᠡᠭ ᠢᠶᠡᠷ ᠢᠶᠡᠨ ᠢᠯᠭᠠᠭ᠎ᠠ ᠲᠠᠢ ᠪᠠᠢ᠌ᠪᠠ᠃ 《ᠷᠤ》ᠳᠠᠭᠠᠪᠤᠷᠢ ᠨᠢ ᠬᠤᠭᠤ᠂ ᠬᠠᠮᠬ᠎ᠠ᠂ ᠣᠭᠲᠤ᠂ ᠬᠡᠮᠬᠡ ᠵᠡᠷᠭᠡ ᠢᠵᠠᠭᠤᠷ ᠲᠤ ᠵᠠᠯᠭᠠᠵᠤ᠂ ᠦᠢᠯᠡ ᠦᠭᠡ ᠶᠢ ᠴᠢᠮᠡᠨ ᠲᠤᠳᠤᠳᠬᠠᠳᠠᠭ ᠬᠡᠯᠡ ᠵᠦᠢ ᠶᠢᠨ ᠦᠢᠯᠡᠳᠦᠯ ᠴᠢᠳᠠᠮᠵᠢᠲᠤ ᠳᠠᠢ᠌ᠪᠤᠷᠢ ᠦᠭᠡ ᠶᠢ ᠪᠦᠲᠦᠭᠡᠳᠡᠭ ᠪᠠᠢ᠌ᠭᠰᠠᠨ ᠪᠤᠯᠪᠠᠴᠤ ᠰᠢᠨ᠎ᠡ ᠪᠡᠷ ᠡᠭᠦᠰᠦᠭᠰᠡᠨ ᠦᠭᠡᠰ ᠨᠢ ᠤᠤᠯ ᠢᠵᠠᠭᠤᠷ ᠲᠠᠢ ᠪᠠᠨ ᠤᠳᠬ᠎ᠠ ᠶᠢᠨ ᠢᠯᠭᠠᠭ᠎ᠠ ᠦᠭᠡᠢ ᠪᠠᠢ᠌ᠭᠰᠠᠨ ᠲᠤᠯᠠ ᠢᠵᠠᠭᠤᠷ ᠬᠡᠯᠪᠡᠷᠢ ᠨᠦᠬᠦᠳ ᠨᠢ ᠠᠭᠠᠵᠢᠮ ᠢᠶᠠᠷ ᠤᠤᠯ ᠤᠨ 《ᠷᠤ》ᠳᠠᠭᠠᠪᠤᠷᠢᠲᠤ ᠳᠠᠢ᠌ᠪᠤᠷᠢ ᠦᠭᠡ ᠶᠢᠨ ᠦᠢᠯᠡᠳᠦᠯ ᠴᠢᠳᠠᠮᠵᠢ ᠶᠢ ᠪᠡᠶ᠎ᠡ ᠳᠡᠭᠡᠨ ᠪᠦᠷᠢᠯᠳᠦᠭᠦᠯᠵᠦ ᠡᠬᠢᠯᠡᠵᠡᠢ᠃ ᠡᠭᠦᠨ ᠡᠴᠡ ᠪᠤᠯᠵᠤ᠂ ᠦᠭᠡ ᠶᠢᠨ ᠢᠵᠠᠭᠤᠷ ᠪᠤᠯᠤᠨ ᠳᠠᠢ᠌ᠪᠤᠷᠢ ᠦᠭᠡ ᠨᠢ ᠬᠡᠯᠪᠡᠷᠢ ᠶᠢᠨ ᠬᠤᠪᠢ ᠳᠤ ᠢᠵᠢᠯᠲᠦᠨ ᠨᠡᠢ᠌ᠯᠡᠵᠦ᠂ ᠣᠷᠴᠢᠨ ᠴᠠᠭ ᠤᠨ ᠮᠣᠩ᠋ᠭᠤᠯ ᠬᠡᠯᠡᠨ ᠦ ᠬᠠᠭ᠎ᠠ᠂ ᠬᠤᠭᠤ᠂ ᠪᠠᠯᠪᠠ᠂ ᠬᠡᠮᠬᠡ ᠭᠡᠬᠦ ᠢᠵᠠᠭᠤᠷ ᠨᠢ ᠰᠢᠨ᠎ᠡ ᠦᠭᠡ ᠪᠦᠲᠦᠭᠡᠬᠦ ᠰᠠᠭᠤᠷᠢ ᠪᠤᠯᠤᠭᠰᠠᠨ ᠤ ᠬᠠᠮᠲᠤ ᠪᠡᠶ᠎ᠡ ᠪᠡᠨ ᠳᠠᠭᠠᠭᠠᠵᠤ ᠳᠠᠢ᠌ᠪᠤᠷᠢ ᠦᠭᠡ ᠪᠤᠯᠵᠤ ᠬᠡᠷᠡᠭᠯᠡᠭᠳᠡᠬᠦ ᠪᠤᠯᠤᠭᠰᠠᠨ ᠪᠠᠢ᠌ᠨ᠎ᠠ᠃
Original Literature No Original Paper
出自 内蒙古大学学报 1994年 第1期

联系我们


内蒙古大学图书馆
呼和浩特市大学西路235号
中国·内蒙古
P: (0471) 4992561
E: huangfeilong@imu.edu.cn