Title |
ᠳᠡᠭᠡᠳᠦ ᠮᠣᠩᠭᠤᠯ ᠤᠨ ᠮᠣᠩᠭᠤᠯ ᠬᠡᠯᠡ ᠪᠡᠷ ᠪᠢᠴᠢᠭᠳᠡᠭᠰᠡᠨ ᠲᠡᠦᠬᠡᠨ ᠳᠠᠩᠰᠠ ᠡᠪᠬᠡᠮᠡᠯ ᠦᠨ ᠪᠢᠴᠢᠭ ᠮᠠᠲ᠋ᠧᠷᠢᠶᠠᠯ ᠪᠠ ᠪᠤᠰᠤᠳ ᠰᠤᠷᠪᠤᠯᠵᠢᠰ ᠤᠨ ᠲᠤᠬᠠᠢ ᠲᠤᠢᠮᠤᠴᠢᠯᠠᠨ ᠦᠭᠦᠯᠡᠬᠦ ᠨᠢ |
Creator |
ᠬᠦ · ᠴᠡᠷᠡᠩᠪᠡᠯ |
Keyword |
ᠳᠡᠭᠡᠳᠦ ᠮᠣᠩᠭᠤᠯ; ᠮᠣᠩᠭᠤᠯ ᠰᠤᠷᠪᠤᠯᠵᠢ ᠪᠢᠴᠢᠭ; ᠦᠨ᠎ᠡ ᠴᠠᠨ᠎ᠠ |
Abstract |
ᠳᠡᠭᠡᠳᠦ ᠮᠣᠩᠭᠤᠯᠴᠤᠳ ᠣᠷᠤᠭ᠎ᠠ ᠪᠤᠰᠬᠠᠭ᠎ᠠ ᠣᠨ ᠤ ᠬᠦᠷᠳᠦ ᠶᠢ ᠡᠯᠡᠭᠡᠵᠦ ᠶᠠᠪᠤᠬᠤ ᠶᠠᠪᠤᠴᠠ ᠳᠠᠭᠠᠨ ᠪᠤᠰᠤᠳ ᠤᠯᠤᠰ ᠦᠨᠳᠦᠰᠦᠲᠡᠨ ᠲᠡᠢ ᠬᠠᠷᠢᠯᠴᠠᠭ᠎ᠠ ᠶᠠᠪᠤᠯᠴᠠᠭ᠎ᠠ ᠡᠭᠦᠰᠬᠦ ᠶᠢᠨ ᠬᠠᠷᠠᠭ᠎ᠠ ᠪᠠᠷ ᠡᠬᠡ ᠮᠣᠩᠭᠤᠯ ᠬᠡᠯᠡ᠂ ᠲᠦᠪᠡᠳ ᠬᠡᠯᠡ᠂ ᠮᠠᠨᠵᠤ ᠬᠡᠯᠡ᠂ ᠬᠢᠲᠠᠳ ᠬᠡᠯᠡ ᠵᠡᠷᠭᠡ ᠠᠳᠠᠯᠢ ᠪᠤᠰᠤ ᠶᠢᠨ ᠬᠡᠯᠡ ᠪᠡᠷ ᠦᠪᠡᠷ ᠦᠨ ᠦᠨᠳᠦᠰᠦᠲᠡᠨ ᠦ ᠰᠤᠶᠤᠯ ᠲᠡᠦᠬᠡ ᠪᠡᠨ ᠲᠡᠮᠳᠡᠭᠯᠡᠬᠦ ᠪᠤᠶᠤ ᠲᠡᠮᠳᠡᠭᠯᠡᠭᠦᠯᠵᠦ ᠢᠷᠡᠭᠰᠡᠨ ᠲᠡᠦᠬᠡ ᠲᠡᠢ᠃ ᠡᠬᠡ ᠮᠣᠩᠭᠤᠯ ᠬᠡᠯᠡ ᠪᠡᠷ ᠲᠤᠭᠤᠷᠪᠢᠭᠰᠠᠨ ᠪᠦᠲᠦᠭᠡᠯ ᠨᠢ ᠭᠤᠤᠯᠳᠠᠭᠤ ᠳᠡᠭᠡᠳᠦ ᠮᠣᠩᠭᠤᠯ ᠤᠨ ᠲᠡᠦᠬᠡᠨ ᠳᠡᠭᠡᠷᠡᠬᠢ ᠬᠠᠳ ᠨᠤᠶᠠᠳ᠂ ᠰᠠᠢᠳ ᠲᠦᠰᠢᠮᠡᠳ᠂ ᠪᠢᠴᠢᠭᠡᠴᠢ ᠨᠠᠷ ᠤᠨ ᠡᠯᠴᠢᠨ ᠬᠠᠷᠢᠯᠴᠠᠭᠠᠨ ᠤ ᠪᠢᠴᠢᠭ᠂ ᠬᠠᠳ ᠨᠤᠶᠠᠳ ᠤᠨ ᠵᠠᠷᠯᠢᠭ ᠵᠠᠬᠢᠶ ᠠ ᠪᠢᠴᠢᠭ᠂ ᠬᠠᠤᠯᠢ ᠴᠠᠭᠠᠵᠠ ᠶᠢᠨ ᠪᠢᠴᠢᠭ᠂ ᠦᠴᠢᠯ ᠪᠢᠴᠢᠭ᠂ ᠡᠷᠭᠦᠳᠡᠯ ᠪᠢᠴᠢᠭ᠂ ᠠᠢᠯᠠᠳᠬᠠᠯ ᠪᠢᠴᠢᠭ᠂ ᠬᠤᠰᠢᠭᠤ ᠨᠤᠶᠠᠳ ᠤᠨ ᠲᠠᠮᠠᠭᠠᠲᠤ ᠪᠢᠴᠢᠭ᠂ ᠨᠤᠲᠤᠭ ᠤᠨ ᠠᠯᠪᠠᠨ ᠳᠠᠩᠰᠠ ᠪᠢᠴᠢᠭ᠂ ᠭᠡᠷᠡᠴᠢ ᠪᠠᠷᠢᠮᠲᠠ ᠪᠢᠴᠢᠭ ᠵᠡᠷᠭᠡ ᠠᠭᠤᠯᠭ᠎ᠠ ᠪᠠᠷ ᠪᠦᠷᠢᠯᠳᠦᠭᠰᠡᠨ ᠪᠠᠢᠳᠠᠭ᠃ ᠦᠭᠦᠯᠡᠯ ᠳᠦ᠂ ᠴᠢᠩ ᠤᠯᠤᠰ ᠤᠨ ᠲᠦᠷᠦ ᠶᠢᠨ ᠮᠣᠩᠭᠤᠯ ᠳᠠᠩᠰᠠ ᠡᠪᠬᠡᠮᠡᠯ ᠪᠡ ᠬᠦᠬᠡᠨᠠᠭᠤᠷ ᠤᠨ ᠣᠷᠤᠨ ᠨᠤᠲᠤᠭ ᠤᠨ ᠳᠠᠩᠰᠠ ᠡᠪᠬᠡᠮᠡᠯ ᠵᠡᠷᠭᠡ ᠳᠦ ᠬᠠᠷᠠᠭᠳᠠᠵᠤ ᠪᠠᠢᠭ᠎ᠠ ᠳᠡᠭᠡᠳᠦ ᠮᠣᠩᠭᠤᠯ ᠤᠨ ᠲᠡᠦᠬᠡᠨ ᠳᠡᠭᠡᠷᠡᠬᠢ ᠮᠣᠩᠭᠤᠯ ᠬᠡᠯᠡ ᠪᠡᠷ ᠪᠢᠴᠢᠭᠳᠡᠭᠰᠡᠨ ᠳᠠᠩᠰᠠ ᠡᠪᠬᠡᠮᠡᠯ ᠦᠨ ᠪᠢᠴᠢᠭ ᠪᠠᠷᠢᠮᠲᠠ ᠨᠤᠭᠤᠳ ᠢ ᠲᠦᠮᠦᠴᠢᠯᠡᠨ ᠲᠠᠨᠢᠯᠴᠠᠭᠤᠯᠵᠤ᠂ ᠲᠡᠭᠦᠨ ᠦ ᠰᠤᠶᠤᠯ ᠤᠨ ᠦᠨ᠎ᠡ ᠴᠠᠨ᠎ᠠ ᠶᠢ ᠦᠨᠡᠯᠡᠨ ᠨᠤᠲᠠᠯᠠᠵᠠᠢ᠃ |
Original Literature |
View Original Paper
|
出自 |
中国蒙古学
2015年
第1期
|