Paper Information


Title 《ᠠᠷᠭᠠᠰᠤᠨ ᠬᠤᠷᠴᠢ ᠶᠢᠨ ᠳᠤᠮᠤᠭ》᠋ ᠠᠴᠠ ᠮᠣᠩ᠋ᠭᠤᠯ ᠲᠡᠦᠬᠡᠨ ᠳᠤᠮᠤᠭ ᠤᠨ ᠰᠢᠨᠵᠢ ᠶᠢ ᠠᠵᠢᠭᠯᠠᠬᠤ ᠨᠢ
Creator ᠸᠠᠩ ᠰᠡᠷᠡᠭᠦᠯᠡᠩ
Keyword 《ᠠᠷᠭᠠᠰᠤᠨ ᠬᠤᠷᠴᠢ ᠶᠢᠨ ᠳᠤᠮᠤᠭ》; ᠲᠡᠦᠬᠡᠯᠢᠭ᠌ ᠰᠢᠨᠵᠢ; ᠤᠷᠠᠨ ᠵᠤᠬᠢᠶᠠᠯ ᠤᠨ ᠰᠢᠨᠵᠢ
Abstract ᠲᠡᠦᠬᠡ ᠶᠢ ᠤᠷᠠᠨ ᠵᠤᠬᠢᠶᠠᠯ ᠤᠨ ᠠᠷᠭ᠎ᠠ ᠪᠠᠷ ᠪᠢᠴᠢᠭᠰᠡᠨ 17᠋ ᠳᠤᠭᠠᠷ ᠵᠠᠭᠤᠨ ᠤ ᠦᠶ᠎ᠡ ᠶᠢᠨ ᠰᠤᠷᠪᠤᠯᠵᠢ ᠪᠢᠴᠢᠭ᠌ ᠲᠦ ᠲᠡᠦᠬᠡᠨ ᠳᠤᠮᠤᠭ ᠤᠨ ᠵᠤᠬᠢᠶᠠᠯ ᠮᠠᠰᠢ ᠣᠯᠠᠨ ᠲᠡᠮᠳᠡᠭᠯᠡᠭᠳᠡᠨ ᠦᠯᠡᠳᠡᠵᠡᠢ᠃ ᠡᠳᠡᠭᠡᠷ ᠳᠤᠮᠤᠭ ᠤᠳ ᠢ ᠲᠡᠦᠬᠡᠨ ᠦᠢᠯᠡ ᠶᠠᠪᠤᠳᠠᠯ ᠠᠴᠠ ᠢᠯᠭᠠᠷᠠᠬᠤ ᠪᠠᠷ ᠦᠭᠡᠢ ᠰᠢᠭᠢᠳᠭᠡᠵᠦ ᠣᠷᠤᠭᠤᠯᠤᠭᠰᠠᠨ ᠪᠤᠯᠬᠤᠷ ᠡᠨᠡ ᠬᠦ ᠲᠡᠦᠬᠡᠨ ᠳᠤᠮᠤᠭ ᠨᠢ ᠲᠡᠦᠬᠡ ᠪᠡ ᠤᠷᠠᠨ ᠵᠤᠬᠢᠶᠠᠯ ᠤᠶᠠᠯᠳᠤᠭᠰᠠᠨ ᠰᠢᠨᠵᠢ ᠲᠡᠢ ᠪᠤᠯᠵᠠᠢ᠃ ᠦᠭᠦᠯᠡᠯ ᠳᠦ 《ᠬᠠᠳ ᠤᠨ ᠦᠨᠳᠦᠰᠦᠨ ᠬᠤᠷᠢᠶᠠᠩ᠋ᠭᠤᠢ ᠠᠯᠲᠠᠨ ᠲᠤᠪᠴᠢ》᠂ ᠯᠤᠪᠰᠠᠩᠳᠠᠨᠵᠢᠨ ᠤ 《ᠠᠯᠲᠠᠨ ᠲᠤᠪᠴᠢ》᠂ ᠰᠠᠭᠠᠩ ᠰᠡᠴᠡᠨ ᠦ 《ᠡᠷᠳᠡᠨᠢ ᠶᠢᠨ ᠲᠤᠪᠴᠢ》ᠪᠡ 《ᠴᠢᠩᠭᠢᠰ ᠤᠨ ᠴᠠᠳᠢᠭ》ᠵᠡᠷᠭᠡ ᠰᠤᠷᠪᠤᠯᠵᠢ ᠪᠢᠴᠢᠭ᠌ ᠢᠶᠡᠷ ᠳᠠᠮᠵᠢᠵᠤ ᠤᠯᠠᠮᠵᠢᠯᠠᠭᠳᠠᠵᠤ ᠢᠷᠡᠭᠰᠡᠨ 《ᠠᠷᠭᠠᠰᠤᠨ ᠬᠤᠷᠴᠢ ᠶᠢᠨ ᠳᠤᠮᠤᠭ》ᠭᠡᠬᠦ ᠲᠡᠦᠬᠡᠨ ᠳᠤᠮᠤᠭ ᠤᠨ ᠰᠢᠨᠵᠢ ᠶᠢ ᠲᠡᠦᠬᠡᠯᠢᠭ᠌ ᠰᠢᠨᠵᠢ ᠪᠡ ᠤᠷᠠᠨ ᠵᠤᠬᠢᠶᠠᠯ ᠤᠨ ᠰᠢᠨᠵᠢ ᠲᠡᠢ ᠭᠡᠵᠦ ᠰᠢᠨᠵᠢᠯᠡᠪᠡ᠃
Original Literature View Original Paper
出自 内蒙古社会科学(蒙文版) 2010年 第6期

联系我们


内蒙古大学图书馆
呼和浩特市大学西路235号
中国·内蒙古
P: (0471) 4992561
E: huangfeilong@imu.edu.cn