Paper Information


Title ᠰᠢᠯᠤᠭᠤᠨ ᠬᠦᠬᠡ ᠬᠤᠰᠢᠭᠤᠨ ᠡᠴᠡ ᠣᠯᠳᠠᠭᠰᠠᠨ ᠨᠢᠭᠡ ᠲᠦᠷᠪᠡᠯᠵᠢᠨ ᠦᠰᠦᠭ ᠤᠨ ᠬᠦᠰᠢᠶᠡᠨ ᠤ ᠪᠢᠴᠢᠭ ᠤᠨ ᠲᠣᠬᠠᠢ ᠠᠩᠬᠠᠨ ᠤ ᠰᠢᠨᠵᠢᠯᠡᠭᠡᠨ
Creator ᠭᠠᠷᠤᠳᠠᠢ
Keyword ᠰᠢᠯᠤᠭᠤᠨ ᠬᠦᠬᠡ ᠬᠤᠰᠢᠭᠤ; ᠲᠦᠷᠪᠡᠯᠵᠢ ᠦᠰᠦᠭ ᠤᠨ ᠬᠦᠰᠢᠶᠡᠨ ᠤᠮ ᠪᠢᠴᠢᠭ; ᠭᠠᠯᠢᠭ ᠣᠩᠰᠢᠯᠭ᠎ᠠ ᠳ᠋ᠤ ᠬᠤᠯᠪᠤᠭᠳᠠᠬᠤ ᠵᠠᠷᠢᠮ ᠠᠰᠠᠭᠤᠳᠠᠯ
Abstract ᠦᠭᠦᠯᠡᠯ ᠳ᠋ᠤ ᠰᠢᠯᠤᠭᠤᠨ ᠬᠦᠬᠡ ᠬᠤᠰᠢᠭᠤᠨ ᠤ ᠮᠦᠽᠸᠢ ᠡᠴᠡ ᠬᠠᠩᠭᠠᠭᠰᠠᠨ2011ᠣᠨ ᠤ 4ᠰᠠᠷ ᠠ ᠶᠢᠨ 18  ᠡᠳᠦᠷ ᠰᠡᠭᠦᠳᠡᠷᠯᠡᠭᠰᠡᠨ ᠨᠢᠭᠡ 6 ᠮᠦᠷ ᠪᠦᠬᠦᠢ ᠶᠤᠸᠠᠨ ᠤ ᠲᠡᠭᠡᠳᠦ ᠨᠡᠢᠰᠯᠡᠯ ᠡᠴᠡ ᠣᠯᠳᠠᠭᠰᠠᠨ ᠬᠡᠮᠡᠬᠦ ᠲᠦᠷᠪᠡᠯᠵᠢᠨ ᠦᠰᠦᠭ ᠤᠨ ᠬᠦᠰᠢᠶᠡᠨ ᠤ ᠪᠢᠴᠢᠭ ᠤᠨ ᠫᠤᠲ᠋ᠤ᠌‍ ᠵᠢᠷᠤᠭ ᠬᠢᠭᠡᠳ ᠵᠠᠷᠢᠮ ᠲᠤᠭ᠎ᠠ ᠪᠠᠷᠢᠮᠲᠠ ᠵᠢ ᠦᠨᠳᠦᠰᠦᠯᠡᠵᠦ᠂ ᠡᠨᠡ ᠬᠦ ᠬᠦᠰᠢᠶᠡᠨ ᠳ᠋ᠤ ᠬᠠᠷᠠᠭᠳᠠᠬᠤ ᠵᠠᠷᠢᠮ ᠵᠦᠢᠯ ᠲᠣᠬᠠᠢᠯᠠᠪᠠᠯ᠂ ᠬᠡᠮᠵᠢᠶ ᠡ ᠪᠠᠢᠳᠠᠯ᠂ ᠪᠢᠴᠢᠭᠰᠡᠨ ᠣᠨᠴᠠᠯᠢᠭ᠂ ᠪᠣᠰᠤᠳ ᠵᠢᠷᠤᠭ ᠲᠦᠷᠰᠦ ᠵᠡᠷᠭᠡ ᠵᠢ ᠶᠡᠷᠦᠩᠬᠡᠢᠯᠡᠨ ᠲᠠᠨᠢᠯᠴᠠᠭᠤᠯᠤᠭᠰᠠᠨ ᠪᠠᠢᠵᠤ᠂ ᠬᠦᠰᠢᠶᠡᠨ ᠤ ᠲᠦᠷᠪᠡᠯᠵᠢᠨ ᠦᠰᠦᠭ ᠲᠤ ᠪᠢᠴᠢᠭ ᠤᠨ ᠭᠠᠯᠢᠭ᠂ ᠣᠩᠰᠢᠯᠭ᠎ᠠ ᠶᠢᠨ ᠭᠠᠯᠢᠭ᠂ ᠣᠳᠣᠬᠢ ᠮᠣᠩᠭᠤᠯ ᠪᠢᠴᠢᠭ ᠤᠨ ᠪᠠᠭᠤᠯᠭᠠᠯᠲᠠ ᠵᠢᠴᠢ ᠬᠢᠲᠡᠳ ᠪᠢᠴᠢᠭ ᠤᠨ ᠣᠷᠴᠢᠭᠤᠯᠭ᠎ᠠ ᠵᠡᠷᠭᠡ ᠲᠠᠯ ᠠ ᠪᠡᠷ ᠤᠤᠯ ᠬᠦᠰᠢᠶ ᠡ ᠵᠢ ᠣᠩᠰᠢᠨ ᠲᠠᠢᠯᠪᠤᠷᠢᠯᠠᠭᠰᠠᠨ ᠪᠠ ᠵᠠᠷᠢᠮ ᠦᠭᠡ ᠬᠡᠯᠡᠯᠭᠡ ᠶᠢᠨ ᠲᠣᠬᠠᠢ ᠴᠢᠠᠨᠭᠰᠢᠲᠠ ᠰᠦᠪᠡᠭᠴᠢᠯᠠᠨ ᠶᠠᠷᠢᠯᠴᠠᠪᠠ᠃ ᠲᠡᠷᠡᠴᠢᠯᠠᠨ ᠬᠦᠰᠢᠶᠡᠨ ᠤ ᠪᠢᠴᠢᠭ ᠤᠨ ᠦᠬᠡ ᠬᠡᠯᠡᠯᠭᠡ ᠶᠢᠨ ᠲᠣᠬᠠᠢ ᠬᠠᠷᠢᠴᠠᠭᠤᠯᠵᠤ ᠰᠣᠳᠤᠯᠤᠭᠠᠳ᠂《ᠴᠠᠪᠴᠢᠶᠠᠯ ᠪᠣᠭᠤᠮᠲᠠ ᠶᠢᠨ ᠵᠡᠭᠦᠨ ᠬᠠᠨ ᠠ ᠳᠡᠬᠢ ᠲᠦᠷᠪᠡᠯᠵᠢᠨ ᠦᠰᠦᠭ ᠤᠨ ᠴᠢᠯᠠᠭᠤᠨ ᠰᠡᠢᠯᠦᠮᠡᠯ》 ᠤᠨ ᠬᠤᠶᠠᠳᠤᠭᠠᠷ ᠪᠠᠳᠠᠭ ᠰᠢᠯᠦᠭ ᠯᠦᠭᠡ ᠨᠢᠭᠡ ᠢᠷᠡᠯᠲᠡ ᠲᠠᠢ ᠪᠠᠢᠭ᠎ᠠ ᠭᠡᠬᠦ ᠳ᠋ᠦᠩ ᠦᠭᠭᠦᠭᠰᠡᠨ ᠪᠢᠯᠡ᠃ ᠪᠠᠰᠠ ᠬᠦᠰᠢᠶᠡᠨ ᠤ ᠪᠢᠴᠢᠭ ᠤᠨ ᠪᠢᠴᠢᠭᠳᠡᠭᠰᠡᠨ ᠴᠠᠭ ᠬᠤᠭᠤᠴᠠᠭ᠎ᠠ᠂ ᠬᠦᠰᠢᠶᠡᠨ ᠤ ᠪᠢᠴᠢᠭ ᠤᠨ ᠵᠣᠷᠢᠯᠭ᠎ᠠ ᠦᠢᠯᠡᠳᠦᠯ ᠵᠡᠷᠭᠡ ᠠᠰᠠᠭᠤᠳᠠᠯ ᠤᠳ ᠢ ᠴᠦ ᠬᠦᠨᠳᠡᠨ ᠶᠠᠷᠢᠯᠴᠠᠪᠠ᠃
Original Literature View Original Paper
出自 内蒙古社会科学(蒙文版) 2013年 第1期

联系我们


内蒙古大学图书馆
呼和浩特市大学西路235号
中国·内蒙古
P: (0471) 4992561
E: huangfeilong@imu.edu.cn