Paper Information


Title ᠣᠳᠣᠬᠢᠴᠢ ᠰᠢᠨᠵᠢ᠂ ᠬᠤᠳᠠᠴᠢᠯᠠᠯᠲᠠ ᠬᠢᠭᠡᠳ ᠮᠣᠩᠭᠤᠯ ᠰᠢᠯᠦᠭ
Creator ᠬᠠᠢ᠌ᠷᠬᠠᠨ
Keyword ᠣᠳᠣᠬᠢᠴᠢ ᠰᠢᠨᠵᠢ; ᠬᠤᠳᠠᠴᠢᠯᠠᠯᠲᠠ; ᠰᠤᠶᠤᠯ; ᠮᠣᠩ᠋ᠭᠤᠯ ᠰᠢᠯᠦᠭ
Abstract ᠬᠤᠲᠠᠴᠢᠯᠠᠯᠲᠠ ᠪᠤᠯ ᠣᠳᠣᠬᠢᠴᠢ ᠰᠢᠨᠵᠢ ᠶᠢᠨ ᠴᠢᠬᠤᠯᠠ ᠨᠢᠭᠡ ᠢᠯᠡᠷᠡᠯ᠂ ᠣᠳᠣᠬᠢᠴᠢᠯᠠᠭᠰᠠᠨ ᠲᠤᠮᠤ ᠬᠤᠲᠠ ᠪᠤᠯ ᠠᠵᠤ ᠦᠢᠯᠡᠳᠪᠦᠷᠢ — ᠬᠤᠵᠢᠭᠤ ᠠᠵᠤ ᠦᠢᠯᠡᠳᠪᠦᠷᠢ ᠶᠢᠨ ᠰᠤᠶᠤᠯ ᠤᠨ ᠣᠷᠤᠨ ᠵᠠᠢ ᠶᠢᠨ ᠪᠡᠯᠭᠡ ᠲᠡᠮᠳᠡᠭ ᠪᠤᠯᠤᠨ᠎ᠠ᠃ ᠳᠡᠭᠡᠷ᠎ᠡ ᠵᠠᠭᠤᠨ ᠤ ᠳᠤᠮᠳᠠᠴᠢ ᠠᠴᠠ ᠮᠣᠩ᠋ᠭᠤᠯ ᠰᠢᠯᠦᠭ ᠲᠦ ᠣᠳᠣᠬᠢᠴᠢᠯᠠᠭᠰᠠᠨ ᠬᠤᠠ ᠢᠯᠡᠷᠡᠬᠦ ᠪᠤᠯᠵᠤ᠂ ᠬᠠᠭᠠᠰ ᠢᠯᠡᠭᠦᠦ ᠵᠠᠭᠤᠨ ᠤ ᠲᠤᠷᠢ᠂ ᠮᠣᠩ᠋ᠭᠤᠯ ᠰᠢᠯᠦᠭ ᠲᠡᠬᠢ ᠬᠤᠲᠠ ᠶᠢᠨ ᠠᠭᠤᠯᠤᠭᠳᠠᠬᠤᠨ ᠨᠢ ᠪᠠᠢ᠌ᠨ ᠳᠠᠬᠢᠨ ᠬᠤᠪᠢᠷᠠᠵᠤ ᠣᠤᠷᠢᠳ ᠬᠤᠵᠢᠳ ᠬᠤᠪᠢᠰᠬᠠᠯ᠂ ᠪᠦᠲᠦᠬᠡᠨ ᠪᠠᠢ᠌ᠭᠤᠯᠤᠯᠲᠠ᠂ ᠣᠳᠣᠬᠢᠴᠢᠯᠠᠯ᠂ ᠰᠤᠶᠤᠯᠵᠢᠯ᠂ ᠪᠤᠵᠠᠷᠲᠠᠯ᠂ ᠣᠨᠳᠤᠤᠰᠢᠯ ᠵᠡᠷᠭᠡ ᠤᠳᠬ᠎ᠠ ᠶᠢ ᠣᠯᠣᠭᠰᠠᠨ ᠤ ᠳᠠᠭᠠᠤ ᠬᠤᠲᠠᠴᠢᠯᠠᠭᠰᠠᠨ ᠰᠤᠶᠤᠯ ᠲᠠᠢ ᠬᠠᠷᠠᠭᠠᠯᠵᠠᠭᠰᠠᠨ ᠮᠣᠩ᠋ᠭᠤᠯ ᠰᠢᠯᠦᠭᠴᠢᠳ ᠨ ᠰᠤᠶᠤᠯ ᠰᠡᠳᠬᠢᠴᠡ ᠳᠤ ᠴᠤ ᠯᠤᠳᠤ ᠶᠡᠬᠡ ᠬᠤᠪᠢᠷᠠᠯᠲᠠ ᠭᠠᠷᠵᠠᠢ᠃ ᠡᠨᠡ ᠨᠢ ᠭᠤᠤᠯᠳᠠᠭᠤ ᠬᠤᠲᠠ ᠬᠦᠳᠡᠭᠡ ᠡᠰᠡᠷᠭᠦᠴᠡᠯᠳᠦᠬᠦ ᠵᠠᠭᠪᠤᠷ᠂ ᠬᠤᠲᠠ ᠶᠢᠨ ᠭᠤᠤ᠎ᠠ ᠰᠠᠢ᠌ᠬᠠᠨ ᠢ ᠪᠤᠳᠠᠰ ᠤᠨ ᠰᠤᠶᠤᠯ — ᠲᠧᠭᠨᠢᠭ᠂ ᠦᠢᠯᠡᠳᠪᠦᠷᠢ ᠢᠶᠡᠷ ᠮᠡᠳᠡᠷᠡᠵᠦ ᠪᠠᠢ᠌ᠭᠰᠠ ᠠᠴᠠ ᠪᠠᠨ ᠬᠤᠲᠠ ᠶᠢᠨ ᠪᠠᠢ᠋ᠭᠤᠯᠤᠮᠵᠢ ᠶᠢᠨ ᠰᠤᠶᠤᠯ ᠪᠠ ᠤᠶᠤᠨ ᠤ ᠰᠤᠶᠤᠯ ᠢᠶᠠᠷ ᠮᠡᠳᠡᠷᠡᠬᠦ ᠪᠤᠯᠵᠤ᠂ ᠬᠤᠲᠠ ᠶᠢᠨ ᠬᠤᠵᠢᠭᠤ ᠠᠵᠤ ᠦᠢᠯᠡᠳᠪᠦᠷᠢ ᠶᠢᠨ ᠰᠢᠨᠵᠢ ᠶᠢ ᠲᠠᠨᠢᠵᠤ ᠢᠯᠡᠷᠡᠭᠦᠯᠦᠭᠰᠡᠨ ᠵᠢᠴᠢ ᠬᠤᠲᠠᠴᠢᠯᠠᠭᠰᠠᠨ ᠰᠡᠳᠭᠢᠭᠦᠢ ᠶᠢ ᠪᠦᠷᠢᠯᠳᠦᠭᠦᠦᠭᠰᠡᠨ ᠵᠡᠷᠭᠡ ᠲᠠᠯ᠎ᠠ ᠪᠠᠷ ᠢᠯᠡᠷᠡᠵᠦ ᠪᠠᠢ᠌ᠨ᠎ᠠ᠃
Original Literature View Original Paper
出自 中国蒙古学 2013年 第1期

联系我们


内蒙古大学图书馆
呼和浩特市大学西路235号
中国·内蒙古
P: (0471) 4992561
E: huangfeilong@imu.edu.cn