Abstract |
ᠶᠠᠫᠤᠨ ᠵᠤᠬᠢᠶᠠᠯᠴᠢ ᠺᠡᠸᠡᠪᠠᠲ᠋ᠠ ᠶᠠᠰᠠᠨᠠᠷᠢ ᠪᠠᠷ ᠵᠤᠬᠢᠶᠠᠯ ᠪᠦᠳᠦᠭᠡᠯ ᠳᠡᠭᠡᠨ 《ᠭᠤᠨᠢᠭ》ᠪᠤᠯᠤᠨ《ᠰᠠᠢ᠌ᠬᠠᠨ》ᠶ᠋ᠢᠨᠷ ᠦᠨᠳᠦᠰᠦᠨ ᠭᠦᠭ᠌ ᠠᠶᠠᠰ ᠪᠤᠯᠭᠠᠵᠤ ᠮᠠᠰᠢ ᠤᠯᠠᠨ ᠭᠠᠩᠭ᠋ᠠᠩ ᠵᠠᠯᠠᠭᠤ ᠭᠡᠭᠡᠪᠴᠢᠷ ᠠᠪᠠᠬᠠᠢ ᠶᠢᠨ ᠪᠠᠶᠠᠷ ᠭᠤᠨᠢᠭᠲᠤ ᠨᠡᠢ᠌ᠯᠡᠯᠳᠡ ᠰᠠᠯᠤᠯᠲᠠ ᠶᠢᠨ ᠰᠡᠳᠬᠢᠯᠭᠡ ᠶᠢ ᠠᠮᠢᠳᠤᠯᠢᠭ ᠪᠤᠲᠠᠲᠠᠢ ᠢᠯᠡᠷᠡᠭᠦᠯᠵᠦ ᠴᠢᠳᠠᠭᠰᠠᠨ ᠪᠠᠢ᠌ᠨ᠎ᠠ᠃ ᠳᠡᠷᠡᠪᠡᠷ ᠶᠡᠬᠡ ᠪᠠᠢ᠌ᠭᠠᠯᠢ ᠶᠢᠨ ᠰᠠᠢ᠌ᠬᠠᠨ ᠢ ᠭᠦᠮᠦᠨ ᠦ ᠰᠡᠳᠬᠢᠯ ᠳᠤ ᠰᠢᠮᠡᠳᠭᠡᠵᠦ᠂ ᠬᠦᠮᠦᠨ ᠦ ᠵᠠᠩ ᠴᠢᠨᠠᠷ ᠲᠠᠢ ᠠᠭᠤᠰᠣᠯᠳᠤᠭᠤᠯᠤᠨ ᠢᠯᠡᠷᠡᠭᠦᠯᠳᠡᠭ᠃ ᠳᠡᠭᠦᠨ ᠦ ᠦᠵᠡᠭᠦ ᠪᠡᠷ ᠬᠦᠮᠦᠨ ᠦ ᠠᠮᠢᠳᠤᠷᠠᠯ ᠤᠨ ᠭᠤᠨᠢᠭ ᠪᠤᠬᠢᠨᠢᠳᠦᠯᠳᠦ ᠤᠴᠠᠷᠠᠯ ᠲᠤᠬᠢᠶᠠᠯᠳᠤᠯ ᠳᠤ ᠴᠤ ᠤᠷᠠᠯᠢᠭ ᠤᠨ ᠭᠤᠦ ᠠ ᠰᠠᠢ᠌ᠬᠠᠨ ᠵᠦᠢᠯ ᠠᠭᠤᠯᠤᠭᠳᠠᠵᠤ ᠪᠠᠢ᠌ᠳᠠᠭ᠃ ᠳᠡᠷᠡ ᠬᠦᠮᠦᠨ ᠦ ᠰᠡᠳᠬᠢᠯᠭᠡ ᠶᠢᠨ ᠭᠠᠭᠴᠠᠭᠠᠷᠳᠠᠯ᠂ ᠤᠢ᠌ᠳᠬᠠᠷᠠᠯᠠᠯ᠂ ᠭᠤᠨᠢᠭᠯᠠᠯ ᠤᠨ ᠲᠠᠯ ᠠ ᠡᠴᠡ ᠲᠦᠷᠰᠦᠯᠡᠨ ᠪᠢᠴᠢᠵᠦ ᠬᠦᠮᠦᠨ ᠴᠢᠨᠠᠷ ᠤᠨ ᠲᠤᠬᠠᠢ ᠪᠤᠳᠤᠯᠬᠢᠯᠠᠯ ᠬᠢᠳᠡᠭ᠃ ᠺᠡᠸᠡᠪᠠᠲ᠋ᠠ ᠶᠠᠰᠠᠨᠠᠷᠢ ᠨᠢᠭᠡᠨ ᠶᠠᠫᠤᠨ ᠵᠤᠬᠢᠶᠠᠯᠴᠢ ᠶᠢᠨ ᠬᠤᠪᠢ ᠳᠤ ᠡᠷᠳᠡᠨ ᠦ ᠤᠷᠠᠨ ᠵᠣᠬᠢᠶᠠᠯ ᠤᠨ ᠬᠡᠪ ᠨᠠᠮᠪᠠ ᠪᠤᠯᠤᠨ ᠪᠠᠷᠠᠭᠤᠨ ᠡᠸᠦ᠋ᠷᠦᠫᠡ ᠶᠢᠨ ᠤᠳᠤᠬᠢᠴᠢᠯᠠᠭᠰᠠᠨ ᠢᠯᠡᠷᠡᠭᠦᠯᠬᠦ ᠠᠷᠭ᠎ᠠ ᠠᠪᠴᠢᠯ ᠢ ᠤᠶᠠᠯᠳᠤᠭᠤᠯᠤᠨ ᠦᠪᠡᠷ ᠤᠨ ᠤᠨᠴᠠᠯᠢᠭ ᠤᠨ ᠬᠡᠪ ᠨᠠᠮᠪᠠ ᠪᠡᠨ ᠪᠦᠷᠢᠯᠳᠦᠭᠦᠯᠦᠭᠰᠡᠨ ᠪᠠᠢ᠌ᠳᠠᠭ᠃ |