Paper Information


Title ᠮᠣᠩᠭ᠋ᠤᠯᠴᠤᠳ ᠤᠨ ᠢᠳᠡᠭᠡᠨ ᠤᠮᠳᠠᠭᠠᠨ ᠤ ᠴᠡᠭᠡᠷ ᠤᠨ ᠲᠣᠬᠠᠢ ᠦᠭᠦᠯᠡᠬᠦ ᠨᠢ
Creator ᠭᠸᠨ ᠴᠢᠤᠸᠠᠨ
Keyword ᠮᠣᠩᠭ᠋ᠤᠯᠴᠤᠳ; ᠢᠳᠡᠭᠡᠨ ᠤᠮᠳᠠᠭᠠᠨ; ᠴᠡᠭᠡᠷ; ᠠᠭᠤᠯᠭ᠋ ᠠ
Abstract ᠦᠨᠳᠦᠰᠦᠲᠡᠨ ᠨᠨᠣᠭᠦᠳ ᠤᠨ ᠢᠳᠡᠭᠡᠨ ᠤᠮᠳᠠᠭᠠᠨ ᠤ ᠰᠣᠶᠣᠯ ᠨᠢ ᠬᠣᠭᠤᠷᠤᠨᠳᠤ ᠪᠠᠨ ᠵᠣᠬᠢᠬᠤ ᠢᠯᠭᠠᠭᠠ ᠠ ᠵᠦᠷᠢᠶ ᠡ ᠪᠠᠢᠢᠳᠠᠭ᠃ ᠨᠡᠨ ᠨᠢ ᠭᠤᠣᠯᠳᠠᠭᠤ ᠪᠠᠢᠢᠭᠠᠯᠢ ᠶᠢᠨ ᠣᠷᠴᠢᠨ ᠲᠣᠭᠤᠷᠢᠨ ᠪᠠ ᠢᠳᠡᠭᠡᠨ ᠤᠮᠳᠠᠭᠠᠨ ᠤ ᠵᠠᠩ ᠵᠠᠩᠰᠢᠯ ᠤᠨ ᠢᠯᠭᠠᠭ᠋ ᠠ ᠵᠦᠷᠢᠶ ᠡ ᠡᠴᠡ ᠪᠣᠯᠤᠭᠰᠠᠨ ᠶᠣᠮ᠃ ᠮᠣᠩᠭ᠋ᠤᠯᠴᠤᠳ ᠤᠨ ᠪᠣᠳᠠᠰ ᠤᠨ ᠪᠣᠯᠪᠠᠰᠤᠨ ᠪᠡ ᠣᠶᠣᠨ ᠤ ᠪᠣᠯᠪᠠᠰᠤᠨ ᠤ ᠬᠦᠭ᠍ᠵᠢᠯᠲᠡ ᠵᠢ ᠲᠠᠭᠠᠯᠳᠤᠨ ᠢᠳᠡᠭᠡᠨ ᠤᠮᠳᠠᠭᠠᠨ ᠤ ᠰᠣᠶᠣᠯ ᠨᠢ ᠴᠤ ᠲᠠᠰᠤᠷᠠᠯᠲᠠ ᠦᠭᠡᠢ ᠬᠦᠭ᠍ᠵᠢᠵᠦ ᠢᠷᠡᠵᠡᠢ᠃ ᠮᠣᠩᠭ᠋ᠤᠯᠴᠤᠳ ᠤᠨ ᠪᠡᠶ ᠡ ᠮᠠᠬᠠᠪᠤᠳ ᠬᠠᠲᠠᠭᠤ ᠴᠢᠬᠢᠷᠠᠭ ᠪᠠᠢᠢᠳᠠᠭ ᠤᠨ ᠭᠤᠤᠯ ᠨᠢ ᠰᠢᠯᠳᠠᠭᠠᠨ ᠨᠢ ᠢᠳᠡᠭᠡᠨ ᠤᠮᠳᠠᠭᠠᠨ ᠡᠳ᠋ᠯᠡᠬᠦ ᠤᠯᠠᠯᠵᠢᠯᠠᠯᠲᠤ ᠦᠵᠡᠯ ᠤᠬᠠᠮᠰᠠᠷ ᠲᠠᠢ ᠨᠢ ᠨᠢᠭᠲᠠ ᠬᠣᠯᠪᠤᠭᠳᠠᠨ᠌ ᠠ᠃ ᠮᠣᠩᠭ᠋ᠤᠯᠴᠤᠳ ᠤᠨ ᠢᠳᠡᠭᠡᠨ ᠤᠮᠳᠠᠭᠠᠨ ᠤ ᠴᠡᠭᠡᠷ ᠤᠨ ᠠᠭᠤᠯᠭ᠋ ᠠ ᠵᠢ ᠶᠡᠬᠡ ᠲᠦᠯᠦᠪ ᠢᠳᠡᠭᠡᠨ ᠤᠮᠳᠠᠭᠠᠨ ᠳᠤ ᠬᠣᠯᠪᠤᠭᠳᠠᠬᠤ ᠴᠡᠭᠡᠷ᠂ᠦᠢᠯᠡ ᠠᠵᠢᠯᠠᠭ᠋ ᠠ ᠳᠤ ᠬᠤᠯᠪᠤᠭᠳᠠᠬᠤ ᠴᠡᠭᠡᠷ ᠬᠡᠮᠡᠨ ᠬᠣᠪᠢᠶᠠᠵᠤ ᠪᠣᠯᠬᠤ ᠪᠠ ᠴᠢᠨᠠᠭᠰᠢᠲᠠ ᠨᠡᠩ ᠪᠣᠵᠠᠷ ᠪᠣᠷᠲᠠᠭ ᠤᠨ ᠴᠡᠭᠡᠷ᠂ᠡᠳ᠋ᠯᠡᠯ ᠬᠡᠷᠡᠭᠰᠡᠯ ᠤᠨ ᠴᠡᠭᠡᠷ᠂ ᠪᠣᠯᠪᠠᠰᠤᠷᠠᠭᠤᠯᠵᠤ ᠪᠡᠯᠡᠳᠭᠡᠬᠦ ᠦᠶ ᠡ ᠶᠢᠨ ᠴᠡᠭᠡᠷ᠂ᠢᠳᠡᠵᠦ ᠤᠤᠭᠤᠬᠤ ᠦᠶ ᠡ ᠶᠢᠨ ᠴᠡᠭᠡᠷ ᠭᠡᠵᠦ ᠨᠠᠷᠢᠰᠬᠠᠨ ᠰᠢᠨᠵᠢᠯᠡᠵᠦ ᠪᠣᠯᠤᠨ᠋᠌ ᠠ᠃
Original Literature View Original Paper
出自 中国蒙古学 2012年 第3期

联系我们


内蒙古大学图书馆
呼和浩特市大学西路235号
中国·内蒙古
P: (0471) 4992561
E: huangfeilong@imu.edu.cn