Paper Information


Title ᠬᠦᠬᠡᠨᠠᠭᠤᠷ ᠮᠣᠩᠭ᠋ᠤᠯᠴᠤᠳ ᠤᠨ ᠠᠮᠠᠨ ᠠᠶᠠᠯᠭᠤᠨ ᠳᠡᠬᠢ ᠦᠪᠡᠷᠮᠢᠴᠡ ᠬᠡᠯᠡᠴᠡ ᠶᠢᠨ ᠲᠣᠬᠠᠢ ᠠᠵᠢᠭᠯᠠᠯᠲᠠ
Creator ᠨᠠᠮᠰᠠᠷᠠᠢ
Keyword ᠬᠦᠬᠡᠨᠠᠭᠤᠷ ᠮᠣᠩᠭ᠋ᠤᠯᠴᠤᠳ ᠤᠨ ᠠᠮᠠᠨ ᠠᠶᠠᠯᠭᠤ; ᠦᠪᠡᠷᠮᠢᠴᠡ ᠬᠡᠯᠡᠴᠡ; ᠤᠳᠬ ᠠ ᠬᠡᠷᠡᠭᠯᠡᠭᠡ; ᠪᠦᠲᠦᠴᠡ
Abstract ᠨᠤᠲᠤᠭ ᠤᠨ ᠠᠶᠠᠯᠭᠤ ᠪᠣᠯ ᠨᠢᠭᠡ ᠦᠨᠳᠦᠰᠦᠲᠡᠨ ᠤ ᠨᠡᠢᠢᠲᠡᠯᠢᠭ ᠬᠡᠯᠡᠨ ᠤ ᠣᠷᠤᠨ  ᠨᠤᠲᠤᠭ ᠲᠡᠬᠢ ᠬᠣᠪᠢᠯᠪᠤᠷᠢ ᠬᠡᠰᠡᠭ ᠨᠢ ᠪᠠᠢᠢᠬᠤ  ᠳᠤ᠂ ᠠᠮᠠᠨ ᠠᠶᠠᠯᠭᠤ ᠨᠢ ᠲᠡᠭᠦᠨ ᠳᠤ ᠪᠠᠭᠲᠠᠵᠤ᠂ ᠲᠡᠭᠦᠨ ᠤ ᠣᠷᠤᠨ ᠨᠤᠲᠤᠭ ᠤᠨ ᠰᠢᠨᠵᠢ ᠲᠠᠢ ᠬᠤᠪᠢᠯᠪᠤᠷᠢ ᠬᠡᠰᠡᠭ ᠨᠢ ᠪᠣᠯᠵᠤ ᠪᠠᠢᠢᠳᠠᠭ᠃ ᠨᠢᠭᠡ ᠬᠡᠯᠡᠨ ᠤ ᠦᠭᠡ ᠶᠢᠨ ᠰᠠᠩ ᠤᠨ ᠪᠠᠶᠠᠯᠢᠭ ᠡᠰᠡᠬᠦ ᠨᠢ ᠲᠡᠷᠡ ᠬᠡᠯᠡᠡ ᠤ ᠦᠭᠡ ᠶᠢᠨ ᠰᠠᠩ ᠤᠨ ᠣᠯᠠᠨ ᠴᠦᠬᠡᠨ ᠳᠡᠭᠡᠷ ᠡ ᠢᠯᠡᠷᠡᠬᠦ ᠪᠢᠰᠢ᠂ ᠬᠠᠷᠢᠨ ᠲᠡᠷᠡ ᠬᠡᠯᠡᠨ ᠤ ᠦᠭᠡ ᠶᠢᠨ ᠤᠳᠬ ᠠ  ᠶᠢᠨ ᠨᠠᠷᠢᠨ ᠢᠯᠭᠠᠭ᠋ ᠠ᠂ᠬᠡᠷᠡᠭᠯᠡᠭᠡᠨ ᠳᠦᠨᠢ ᠢᠯᠡᠷᠡᠳᠡᠭ ᠶᠣᠮ᠃ ᠬᠦᠬᠡᠨᠠᠭᠤᠷ ᠮᠣᠩᠭ᠋ᠤᠯᠴᠤᠳ ᠤᠨ ᠠᠮᠠᠨ ᠠᠶᠠᠯᠭᠤᠨ ᠤ ᠣᠨᠠᠢᠯᠢᠭ ᠨᠢ ᠲᠡᠭᠦᠨ ᠤ ᠬᠡᠯᠡ ᠬᠠᠷᠢᠯᠴᠠᠭᠠᠨ ᠳᠤ ᠢᠯᠡᠷᠡᠬᠦ ᠦᠭᠡ ᠶᠢᠨ ᠰᠠᠩ᠂ᠬᠡᠯᠡ ᠵᠦᠢ᠂ ᠬᠡᠯᠡ ᠨᠠᠢᠢᠷᠠᠭᠤᠯᠭ᠋ ᠠ ᠶᠢᠨ ᠲᠠᠯ ᠠ ᠲᠡᠭᠡᠷ ᠠ ᠪᠠᠢᠢᠬᠤ ᠪᠡᠷ ᠪᠠᠷᠠᠭᠤ ᠦᠭᠡᠢ᠂ᠬᠡᠯᠡ ᠬᠡᠷᠡᠭᠯᠡᠭᠡᠨ ᠤ ᠬᠣᠪᠢ ᠳᠤ ᠦᠪᠡᠷᠮᠢᠴᠡ ᠣᠨᠴᠠᠯᠢᠭ ᠲᠠᠢ ᠪᠠᠢᠢᠳᠠᠭ᠃ ᠡᠨᠳᠡ ᠪᠢᠳᠠ ᠨᠢᠭᠡ ᠬᠡᠰᠡᠭ ᠦᠪᠡᠷᠮᠢᠴᠡ ᠬᠡᠯᠡᠴᠡ ᠲᠠᠢ ᠨᠤᠲᠤᠭ ᠤᠨ ᠬᠡᠯᠡᠯᠭᠡ  ᠵᠢ ᠤᠳᠬ ᠠ ᠬᠡᠷᠡᠭᠯᠡᠭᠡ᠂ ᠣᠨᠴᠠᠯᠢᠭ ᠪᠣᠯᠤᠨ ᠪᠦᠳᠦᠴᠡ ᠵᠡᠷᠭᠡ ᠲᠠᠯ ᠠ ᠡᠴᠡ ᠨᠢ ᠵᠠᠳᠠᠯᠤᠨ ᠦᠭᠦᠯᠡᠬᠦ ᠵᠢ ᠵᠣᠷᠢᠪᠠ᠃
Original Literature View Original Paper
出自 中国蒙古学 2012年 第5期

联系我们


内蒙古大学图书馆
呼和浩特市大学西路235号
中国·内蒙古
P: (0471) 4992561
E: huangfeilong@imu.edu.cn