Title |
ᠭᠦᠩᠰᠡᠩᠨᠤᠷᠪᠤ ᠶᠢᠨ ᠮᠣᠩᠭᠤᠯ ᠦᠨᠳᠦᠰᠦᠲᠡᠨ ᠦ ᠬᠡᠪᠯᠡᠯ ᠦᠨ ᠦᠢᠯᠡᠰ ᠲᠦ ᠦᠵᠡᠭᠦᠯᠦᠭᠰᠡᠨ ᠭᠠᠪᠢᠶ᠎ᠠ ᠵᠢᠳᠭᠦᠯ ᠢ ᠦᠭᠦᠯᠡᠬᠦ ᠨᠢ |
Creator |
ᠭᠤᠸᠠᠨ ᠲᠤᠶᠠᠭ᠎ᠠ |
Keyword |
ᠭᠦᠩᠰᠡᠩᠨᠤᠷᠪᠤ; ᠮᠣᠩᠭᠤᠯ ᠦᠨᠳᠦᠰᠦᠲᠡᠨ; ᠬᠡᠪᠯᠡᠯ ᠦᠨ ᠦᠢᠯᠡᠰ; ᠭᠠᠪᠢᠠ ᠵᠢᠳᠭᠦᠯ |
Abstract |
ᠭᠦᠩᠰᠡᠩᠨᠤᠷᠪᠤ ᠪᠤᠯ ᠮᠣᠩ᠋ᠭᠤᠯ ᠦᠨᠳᠦᠰᠦᠲᠡᠨ ᠦ ᠬᠡᠪᠯᠡᠯ ᠦᠨ ᠦᠢᠯᠡᠰ ᠦᠨ ᠭᠠᠪᠢᠶᠠᠲᠤ ᠵᠢᠳᠭᠦᠯᠲᠡᠨ᠂ ᠰᠤᠨᠢᠨ ᠤ ᠦᠢᠯᠡᠰ ᠦᠨ ᠰᠠᠭᠤᠷᠢᠯᠠᠭᠴᠢ ᠪᠤᠯᠤᠨ᠎ᠠ᠃ ᠲᠡᠷᠡ ᠳᠤᠮᠳᠠᠳᠤ ᠤᠯᠤᠰ ᠤᠨ ᠮᠣᠩ᠋ᠭᠤᠯ ᠦᠨᠳᠦᠰᠦᠲᠡᠨ ᠦ ᠦᠪᠡᠷᠲᠡᠭᠡᠨ ᠡᠷᠬᠢᠯᠡᠭᠰᠡᠨ ᠬᠠᠮᠤᠭ ᠠᠩ᠋ᠬᠠᠨ ᠤ ᠮᠣᠩ᠋ᠭᠤᠯ ᠰᠤᠨᠢᠨ ᠪᠤᠯᠬᠤ 《ᠨᠢᠯᠬ᠎ᠠ ᠰᠤᠨᠢᠨ》᠋ ᠢ ᠡᠷᠬᠢᠯᠡᠵᠦ᠂ ᠮᠣᠩ᠋ᠭᠤᠯ ᠦᠨᠳᠦᠰᠦᠲᠡᠨ ᠦ ᠦᠪᠡᠷᠲᠡᠭᠡᠨ ᠡᠷᠬᠢᠯᠡᠭᠰᠡᠨ ᠬᠤᠶᠠᠳᠠᠭᠴᠢ ᠰᠡᠳᠭᠦᠯ 《ᠮᠣᠩ᠋ᠭᠤᠯ ᠶᠡᠷᠦ ᠦᠭᠡ ᠶᠢᠨ ᠰᠡᠳᠭᠦᠯ》᠋ ᠢ ᠵᠢᠯᠤᠭᠤᠳᠴᠤ᠂ ᠰᠤᠷᠭᠠᠭᠤᠯᠢ ᠪᠠᠢ᠌ᠭᠤᠯᠤᠨ ᠰᠤᠷᠭᠠᠨ ᠬᠦᠮᠦᠵᠢᠯ ᠢ ᠲᠦᠭᠡᠮᠡᠯᠵᠢᠯᠡᠭᠦᠯᠵᠡᠢ᠃ ᠡᠭᠦᠨ ᠦ ᠬᠠᠮᠲᠤ ᠪᠠᠰᠠ ᠦᠪᠦᠷ ᠮᠣᠩ᠋ᠭᠤᠯ ᠳᠤ ᠬᠠᠮᠤᠭ ᠠᠩ᠋ᠬᠠᠨ ᠤ ᠰᠢᠤᠳᠠᠨ ᠲᠤᠪᠴᠢᠶ᠎ᠠ ᠶᠢ ᠪᠠᠢ᠌ᠭᠤᠯᠵᠤ᠂ ᠬᠦᠮᠦᠰ ᠦᠨ ᠬᠠᠷᠢᠯᠴᠠᠭ᠎ᠠ ᠶᠠᠪᠤᠯᠴᠠᠭ᠎ᠠ ᠪᠠ ᠤᠶᠤᠨ ᠤ ᠠᠮᠢᠳᠤᠷᠠᠯ ᠤᠨ ᠪᠠᠶᠠᠯᠢᠭᠵᠢᠯ ᠳᠤ ᠳᠦᠭᠦᠮ ᠦᠵᠡᠭᠦᠯᠵᠡᠢ᠃ ᠲᠡᠷᠡ ᠪᠤᠯ ᠮᠣᠩ᠋ᠭᠤᠯ ᠦᠨᠳᠦᠰᠦᠲᠡᠨ ᠦ ᠬᠡᠪᠯᠡᠯ ᠦᠨ ᠦᠢᠯᠡᠰ ᠦᠨ ᠭᠠᠪᠢᠶᠠᠲᠤ ᠵᠢᠳᠭᠦᠯᠲᠡᠨ᠂ ᠲᠡᠭᠦᠨ ᠦ ᠭᠠᠪᠢᠶ᠎ᠠ ᠵᠢᠳᠭᠦᠯ ᠨᠢ ᠬᠡᠵᠢᠶᠡᠳᠡ ᠪᠠᠯᠠᠷᠠᠰᠢ ᠦᠭᠡᠢ ᠮᠦᠷᠲᠡᠭᠡᠨ ᠦᠨᠡᠯᠡᠨ ᠰᠤᠳᠤᠯᠤᠭᠤᠰᠢᠲᠠᠢ ᠶᠤᠮ᠃ |
Original Literature |
View Original Paper
|
出自 |
中国蒙古学
2013年
第4期
|