Paper Information


Title ᠬᠠᠤᠯᠢ ᠶᠢᠨ ᠤᠬᠠᠭᠠᠨ ᠤ ᠬᠠᠷᠠᠭᠠᠨ ᠠᠴᠠ 《ᠬᠤᠷᠠᠯᠲᠠᠢ ᠶᠢᠨ ᠳᠦᠷᠢ》᠋ ᠢ ᠰᠢᠨᠵᠢᠯᠡᠬᠦ ᠨᠢ (ᠨᠢᠭᠡ) — 《ᠬᠤᠷᠠᠯᠲᠠᠢ ᠶᠢᠨ ᠳᠦᠷᠢᠮ》᠋ ᠦᠨ ᠡᠭᠦᠰᠦᠯ ᠪᠡ ᠭᠤᠤᠯ ᠠᠭᠤᠯᠭ᠎ᠠ ᠶᠢᠨ ᠲᠤᠬᠠᠢ ᠦᠭᠦᠯᠡᠬᠦ ᠨᠢ
Creator ᠲᠡᠮᠦᠷᠪᠤᠯᠤᠳ; ᠤᠷᠢᠬᠠᠨ
Keyword 《ᠮᠣᠩ᠋ᠭᠤᠯ ᠤᠨ ᠨᠢᠭᠤᠴᠠ ᠲᠤᠪᠴᠢᠶᠠᠨ》; ᠬᠤᠷᠠᠯᠲᠠᠢ ᠶᠢᠨ ᠳᠦᠷᠢᠮ; ᠴᠢᠬᠤᠯᠠ ᠬᠠᠤᠯᠢ ᠴᠠᠭᠠᠵᠠ ᠶᠢᠨ ᠳᠦᠷᠢᠮ; ᠡᠭᠦᠰᠦᠯ ᠬᠦᠭ᠍ᠵᠢᠯ; ᠭᠤᠤᠯ ᠠᠭᠤᠯᠭ᠎ᠠ
Abstract ᠮᠣᠩ᠋ᠭᠤᠯ ᠦᠨᠳᠦᠰᠦᠲᠡᠨ ᠦ 《ᠬᠤᠷᠠᠯᠲᠠᠢ ᠶᠢᠨ ᠳᠦᠷᠢᠮ》ᠨᠢ ᠳᠡᠭᠡᠳᠦ ᠡᠷᠬᠡᠲᠦ ᠪᠠᠢ᠌ᠭᠤᠯᠭ᠎ᠠ ᠪᠤᠯᠤᠭᠰᠠ ᠤ ᠬᠤᠪᠢ ᠳᠤ᠂ ᠤᠯᠤᠰ ᠪᠠ ᠨᠡᠢ᠌ᠭᠡᠮ ᠦᠨ ᠴᠢᠬᠤᠯᠠ ᠶᠡᠬᠡ ᠬᠡᠷᠡᠭ ᠶᠠᠪᠤᠳᠠᠯ ᠤᠳ ᠢ ᠲᠤᠭᠲᠠᠭᠠᠬᠤ ᠰᠢᠨ᠎ᠡ ᠬᠠᠤᠯᠢ ᠴᠠᠭᠠᠵᠠ ᠶᠢ ᠵᠠᠷᠯᠠᠨ ᠨᠡᠢ᠌ᠲᠡᠯᠡᠬᠦ ᠵᠡᠷᠭᠡ ᠨᠢ ᠪᠦᠷ ᠲᠡᠭᠦᠨ ᠢ ᠳᠠᠮᠵᠢᠪᠠᠯ ᠰᠠᠶ‍ᠢ ᠶᠠᠪᠤᠭᠳᠠᠵᠤ ᠴᠢᠳᠠᠳᠠᠭ᠃ ᠮᠣᠩ᠋ᠭᠤᠯ ᠦᠨᠳᠦᠰᠦᠲᠡᠨ ᠦ ᠡᠷᠲᠡᠨ ᠦ 《ᠬᠤᠷᠠᠯᠲᠠᠢ ᠶᠢᠨ ᠳᠦᠷᠢᠮ》ᠨᠢ ᠳᠣᠡᠭᠡᠳᠦ ᠡᠷᠬᠡᠲᠦ ᠪᠠᠢ᠌ᠭᠤᠯᠤᠮᠵᠢ ᠪᠤᠯᠬᠤ ᠪᠠᠷ ᠪᠠᠷᠠᠬᠤ ᠦᠭᠡᠢ ᠪᠠᠰᠠ ᠬᠠᠮᠤᠭ ᠤᠨ ᠳᠡᠭᠡᠳᠦ ᠬᠠᠤᠯᠢ ᠲᠤᠭᠲᠠᠭᠠᠬᠤ ᠪᠠᠢ᠌ᠭᠤᠯᠤᠮᠵᠢ ᠬᠢᠭᠡᠳ ᠰᠢᠭᠦᠨ ᠲᠠᠰᠤᠯᠬᠤ ᠪᠠᠢ᠌ᠭᠤᠯᠤᠮᠵᠢ ᠪᠤᠯᠤᠨ᠎ᠠ᠃ ᠣᠯᠠᠨ ᠠᠷᠪᠢᠨ ᠵᠠᠩᠰᠢᠯ ᠲᠡᠭᠦᠨ ᠦ ᠵᠦᠪᠰᠢᠶᠡᠷᠡᠯ ᠢ ᠳᠠᠮᠵᠢᠪᠠᠯ ᠰᠠᠶ‍ᠢ ᠬᠠᠤᠯᠢ ᠴᠠᠭᠠᠵᠠ ᠪᠤᠯᠵᠤ ᠬᠤᠪᠢᠷᠠᠨ᠂ ᠲᠦᠭᠡᠮᠡᠯ ᠬᠢᠵᠠᠭᠠᠷᠯᠠᠬᠤ ᠬᠦᠴᠦᠨ ᠲᠡᠢ ᠪᠤᠯᠳᠠᠭ᠃ ᠦᠭᠦᠯᠡᠯ ᠳᠦ ᠬᠠᠤᠯᠢ ᠶᠢᠨ ᠤᠬᠠᠭᠠᠨ ᠤ ᠬᠠᠷᠠᠭᠠᠨ ᠠᠴᠠ 《ᠮᠣᠩ᠋ᠭᠤᠯ ᠤᠨ ᠨᠢᠭᠤᠴᠠ ᠲᠤᠪᠴᠢᠶᠠᠨ》᠂ 《ᠰᠤᠳᠤᠷ ᠤᠨ ᠴᠢᠭᠤᠯᠭᠠᠨ》ᠵᠡᠷᠭᠡ ᠲᠤᠯᠭᠤᠷ ᠪᠢᠴᠢᠭ᠌ ᠢ ᠦᠨᠳᠦᠰᠦᠯᠡᠨ ᠶᠡᠬᠡ ᠮᠣᠩ᠋ᠭᠤᠯ ᠤᠯᠤᠰ ᠤᠨ ᠴᠢᠬᠤᠯᠠ ᠬᠠᠤᠯᠢ ᠴᠠᠭᠠᠵᠠ ᠶᠢᠨ ᠳᠦᠷᠢᠮ ᠪᠤᠯᠬᠤ 《ᠬᠤᠷᠠᠯᠲᠠᠢ ᠶᠢᠨ ᠳᠦᠷᠢᠮ》᠋ ᠦᠨ ᠡᠭᠦᠰᠦᠯ ᠭᠠᠷᠤᠯ᠂ ᠭᠤᠤᠯ ᠠᠭᠤᠯᠭ᠎ᠠ ᠶᠢ ᠬᠠᠤᠯᠢ ᠶᠢᠨ ᠤᠬᠠᠭᠠᠨ ᠤ ᠬᠠᠷᠠᠭᠠᠨ ᠠᠴᠠ ᠨᠤᠲᠠᠯᠠᠨ ᠲᠤᠳᠤᠷᠬᠠᠢ᠌ᠯᠠᠵᠠᠢ᠃
Original Literature View Original Paper
出自 中国蒙古学 2013年 第2期

联系我们


内蒙古大学图书馆
呼和浩特市大学西路235号
中国·内蒙古
P: (0471) 4992561
E: huangfeilong@imu.edu.cn