Abstract |
ᠲᠦᠪᠡᠳ ᠮᠣᠩᠭᠤᠯ 《ᠭᠡᠰᠡᠷ》 ᠦᠨ ᠰᠤᠶᠤᠯ ᠤᠨ ᠲᠠᠢᠯᠤᠮᠵᠢ ᠪᠤᠯ ᠲᠡᠳᠡᠭᠡᠷ ᠦᠨ ᠨᠢᠭ᠋ᠤᠴᠠ ᠶᠢ ᠨᠡᠭᠡᠭᠡᠬᠦ ᠠᠯᠲᠠᠨ ᠲᠦᠯᠬᠢᠭᠦᠷ ᠪᠤᠯᠤᠨ᠎ᠠ᠃ ᠡᠭᠦᠨ ᠳᠦ ᠱᠠᠰᠢᠨ ᠤ ᠠᠰᠠᠭ᠋ᠤᠳᠠᠯ ᠪᠤᠯ ᠬᠠᠮᠤᠭ ᠴᠢᠬᠤᠯᠠ ᠲᠦᠪᠯᠡᠷᠡᠯ ᠦᠨ ᠴᠢᠭ ᠪᠤᠯᠵᠠᠢ᠃ ᠲᠤᠰ ᠦᠭᠦᠯᠡᠯ ᠳᠦ ᠲᠦᠪᠡᠳ ᠮᠣᠩᠭᠤᠯ 《ᠭᠡᠰᠡᠷ》 ᠲᠡᠬᠢ ᠪᠤᠮᠪᠠ (ᠪᠦᠬᠡ) ᠶᠢᠨ ᠱᠠᠰᠢᠨ ᠤ ᠪᠤᠳᠠᠲᠤ ᠰᠢᠮᠡᠳᠭᠡᠯ ᠢᠯᠡᠷᠡᠯ ᠢ ᠰᠦᠪᠡᠭᠴᠢᠯᠡᠨ ᠦᠭᠦᠯᠡᠵᠡᠢ᠃ 1. ᠲᠦᠪᠡᠳ ᠮᠣᠩᠭᠤᠯ ᠣᠷᠤᠨ ᠳᠠᠬᠢ ᠪᠤᠷᠬᠠᠨ ᠬᠢᠭᠡᠳ ᠪᠤᠮᠪᠠ (ᠪᠦᠬᠡ) ᠶᠢᠨ ᠲᠡᠮᠡᠴᠡᠭᠡᠨ; ᠲᠦᠪᠡᠳ ᠮᠣᠩᠭᠤᠯ ᠣᠷᠤᠨ ᠳᠤ ᠪᠤᠷᠬᠠᠨ ᠤ ᠱᠠᠰᠢᠨ ᠤᠯᠠᠮᠵᠢᠯᠠᠭᠳᠠᠭᠰᠠᠨ᠂ ᠲᠤᠬᠠᠢ ᠶᠢᠨ ᠣᠷᠤᠨ ᠤ ᠤᠯᠠᠮᠵᠢᠯᠠᠯᠲᠤ ᠱᠠᠰᠢᠨ ᠪᠤᠮᠪᠠ ᠪᠤᠶᠤ ᠪᠦᠬᠡ ᠲᠡᠢ ᠲᠡᠮᠡᠴᠡᠯᠳᠦᠭᠰᠡᠨ ᠢ ᠲᠡᠮᠳᠡᠭᠯᠡᠵᠡᠢ᠃ 2. ᠪᠤᠮᠪᠠ ᠶᠢᠨ ᠰᠤᠷᠲᠠᠬᠤᠨ ᠤ ᠳᠤᠮᠤᠭ 《ᠭᠡᠰᠡᠷ》 ᠲᠠᠢ ᠬᠤᠯᠪᠤᠭᠳᠠᠬᠤ ᠨᠢ; ᠪᠤᠮᠪᠠ ᠶᠢᠨ ᠰᠤᠷᠲᠠᠬᠤᠨ ᠤ ᠡᠪᠦᠭᠡ ᠪᠠᠭᠰᠢ ᠨᠢ ᠲᠤᠨᠪᠠᠰᠢᠷᠠᠪ ᠪᠦᠲᠦᠭᠡᠭᠳᠡᠭᠰᠡᠨ ᠨᠢ ᠰᠤᠨ᠋ᠢᠷᠬᠠᠯᠲᠠᠢ᠃ 3. 《ᠭᠡᠰᠡᠷ》 ᠲᠡᠬᠢ ᠪᠤᠮᠪᠠ (ᠪᠦᠬᠡ) ᠶᠢᠨ ᠰᠤᠶᠤᠯ ᠤᠨ ᠢᠯᠡᠷᠡᠯ; (1) ᠲᠡᠭᠷᠢ ᠶᠢᠨ ᠰᠢᠲᠦᠯᠭᠡ᠂ (2) ᠰᠦᠨ᠋ᠡᠰᠦᠨ ᠦ ᠲᠤᠬᠠᠢ ᠣᠢᠯᠠᠭ᠋ᠠᠭᠳᠠᠬᠤᠨ᠂ (3) ᠵᠡᠭᠦᠳᠦ᠂ ᠲᠦᠯᠭᠡ ᠪᠡᠯᠭᠡ ᠶᠢᠨ ᠦᠢᠯᠡᠳᠦᠯ᠂ (4) ᠮᠤᠳᠤ ᠰᠢᠪᠠᠭ᠋ᠤᠨ ᠰᠢᠲᠦᠯᠭᠡ᠂ (5) ᠴᠠᠭ᠋ᠠᠨ ᠦᠩᠭᠡ ᠶᠢᠨ ᠳᠡᠭᠡᠳᠦᠯᠡᠯ᠃ ᠡᠳᠡᠭᠡᠷ ᠴᠢᠬᠤᠯᠠ ᠢᠯᠡᠷᠡᠯ ᠡᠴᠡ ᠭᠠᠳᠠᠨ᠎ᠠ ᠪᠠᠰᠠ ᠠᠨᠳᠠᠭ᠋ᠠᠢ ᠳᠠᠩᠭ᠋ᠠᠷᠢᠭ᠂ ᠳᠠᠷᠨ᠋ᠢ ᠬᠠᠷᠢᠶᠠᠯ᠂ ᠲᠠᠬᠢᠯᠭ᠎ᠠ ᠳᠠᠪᠢᠯᠭ᠎ᠠ᠂ ᠣᠨᠴᠤᠭ᠋ᠤᠢ ᠲᠤᠭ᠋ᠠᠨ ᠤ ᠬᠡᠷᠡᠭᠯᠡᠯ ᠬᠢᠭᠡᠳ ᠣᠯᠠᠨ ᠠᠮᠢᠲᠠᠨ ᠪᠤᠳᠠᠰ ᠤᠨ ᠰᠢᠲᠦᠯᠭᠡ (ᠨᠠᠷᠠ᠂ ᠰᠠᠷ᠎ᠠ᠂ ᠣᠳᠤ᠂ ᠠᠭ᠋ᠤᠯᠠ᠂ ᠤᠰᠤ᠂ ᠡᠭᠦᠯᠡ᠂ ᠰᠠᠯᠬᠢᠨ ᠵᠡᠷᠭᠡ ᠶᠢ ᠰᠢᠲᠦᠬᠦ) ᠵᠡᠷᠭᠡ ᠲᠠᠯ᠎ᠠ ᠴᠤ ᠳᠤ ᠪᠤᠮᠪᠠ (ᠪᠦᠬᠡ) ᠶᠢᠨ ᠰᠤᠶᠤᠯ ᠤᠨ ᠢᠯᠡᠷᠡᠯ ᠬᠠᠷᠠᠭᠳᠠᠳᠠᠭ᠃ |