Abstract |
ᠡᠨᠳᠡ 17 ᠳ᠋ᠤᠭᠠᠷ ᠵᠠᠭᠤᠨ ᠦ ᠭᠤᠴᠢᠭᠠᠳ ᠤᠨ ᠡᠴᠡ 18 ᠳ᠋ᠤᠭᠠᠷ ᠵᠠᠭᠤᠨ ᠦ ᠬᠤᠷᠢᠭᠠᠳ ᠤᠨ ᠬᠦᠷᠳᠡᠯ ᠠ ᠲᠦᠪᠡᠳ ᠬᠦᠬᠡᠨᠠᠭᠤᠷ ᠳᠡᠬᠢ ᠮᠣᠩᠭᠣᠯ ᠤᠨ ᠬᠤᠱᠤᠳ ᠤᠨ ᠲᠦᠷᠦ ᠳᠤ ᠦᠢᠯᠡᠴᠢᠯᠡᠵᠦ ᠪᠠᠢ᠌ᠭᠰᠠᠨ ᠦᠰᠦᠭ ᠪᠢᠴᠢᠭ᠋ ᠢ ᠦᠬᠡ ᠵᠦᠢ ᠶᠢᠨ ᠲᠠᠯ ᠠ ᠪᠡᠷ ᠰᠤᠳᠤᠯᠭ᠎ᠠ ᠬᠢᠵᠦ᠂ ᠡᠨᠡ ᠬᠦ ᠦᠰᠦᠭ ᠤᠨ ᠦᠪᠡᠷᠮᠢᠴᠡ ᠤᠨᠴᠠᠯᠢᠭ ᠢ ᠨᠢ ᠬᠦᠨᠳᠦᠳᠬᠡᠨ᠂ ᠳᠡᠭᠦᠨ ᠢ ᠳᠡᠦᠬᠡᠨ ᠳᠡᠬᠢ ᠤᠢ᠌ᠭᠤᠷᠵᠢᠨ ᠮᠣᠩᠭᠣᠯ ᠦᠰᠦᠭ᠂ ᠳᠤᠳᠤ ᠦᠰᠦᠭ᠂ ᠸᠠᠬᠢᠨᠳᠡᠷ ᠠ ᠦᠰᠦᠭ ᠲᠠᠢ ᠠᠳᠠᠯᠢ ᠪᠡᠷ ᠪᠡᠶ ᠡ ᠪᠡᠨ ᠲᠠᠭᠠᠭᠠᠭᠰᠠᠨ ᠦᠰᠦᠭ ᠤᠨ ᠰᠢᠰᠲ᠋ᠸᠮ ᠬᠡᠮᠡᠵᠦ᠂ ᠡᠨᠡ ᠬᠦ ᠦᠰᠦᠭ ᠤᠨ ᠰᠢᠰᠲ᠋ᠸᠮ ᠤᠨ ᠬᠡᠷᠡᠭᠯᠡᠭᠴᠢ ᠶᠢᠨ ᠨᠤᠳᠤᠭ ᠤᠷᠤᠨ ᠪᠤᠯᠤᠨ ᠠᠢ᠌ᠮᠠᠭ ᠤᠭᠰᠠᠭ᠎ᠠ ᠶᠢ ᠨᠢ 《ᠬᠤᠱᠤᠳ ᠦᠰᠦᠭ》ᠬᠡᠵᠦ ᠨᠡᠷᠡᠢᠳᠦᠨ ᠮᠣᠩᠭᠣᠯ ᠦᠰᠦᠭ ᠪᠢᠴᠢᠭ᠌ ᠤᠨ ᠳᠡᠦᠬᠡᠨ ᠳᠤ ᠪᠢᠴᠢᠵᠦ ᠳᠡᠮᠳᠡᠭᠯᠡᠬᠦ ᠶᠢ ᠬᠦᠰᠡᠭᠰᠡᠨ ᠪᠠᠢ᠌ᠨ᠎ᠠ᠃ |