Paper Information


Title ᠱᠠᠰᠢᠨ ᠶᠢᠨᠷ ᠠᠷᠢᠭᠤᠳᠬᠠᠬᠤᠢ ᠰᠤᠷᠭᠠᠯ — ᠯᠠᠮᠠ ᠶᠢᠨ ᠲᠤᠭᠤᠷᠪᠢᠯ ᠤᠨ ᠦᠷᠳᠡᠭ ᠤᠨ ᠬᠠᠨᠳᠤᠯᠭ᠎ᠠ
Creator ᠲᠤᠷᠤᠨᠠᠲ᠋ᠡᠭᠷᠢ
Keyword ᠯᠠᠮᠠ ᠶᠢᠨ ᠲᠤᠭᠤᠷᠪᠢᠯ ;ᠪᠤᠷᠬᠠᠨ ᠦ ᠱᠠᠰᠢᠨ ; ᠦᠷᠳᠡᠭ ᠤᠨ ᠬᠠᠨᠳᠤᠯᠭ᠎ᠠ
Abstract ᠯᠠᠮᠠ ᠬᠤᠸᠠᠷᠠᠭ ᠤᠨ ᠢᠳᠡᠭᠡᠯ ᠰᠦᠰᠦᠭᠯᠡᠯ ᠨᠢ ᠲᠡᠭᠦᠨ ᠦ ᠵᠤᠬᠢᠶᠠᠯ ᠲᠤᠭᠤᠷᠪᠢᠯ ᠤᠨ ᠦᠵᠡᠯ ᠰᠠᠨᠠᠭ᠎ᠠ ᠶᠢᠨ ᠬᠠᠨᠳᠤᠯᠭ᠎ᠠ ᠶᠢ ᠲᠤᠭᠳᠠᠭᠠᠭᠰᠠᠨ ᠬᠡᠯᠲᠡᠢ᠃ ᠪᠤᠷᠬᠠᠨ ᠦ ᠱᠠᠰᠢᠨ ᠢ ᠳᠡᠯᠭᠡᠷᠡᠬᠦᠯᠬᠦ ᠂ ᠪᠤᠷᠬᠠᠨ ᠦ ᠰᠣᠷᠭᠠᠯ ᠶᠢᠨᠷ ᠠᠮᠢᠳᠠᠨ ᠵᠢᠷᠭᠤᠭᠠᠨ ᠵᠦᠢᠯ ᠢ ᠵᠠᠪᠠᠯᠠᠩ ᠤᠨ ᠳᠠᠯᠠᠢ ᠡᠴᠡ ᠲᠤᠨᠢᠯᠭᠠᠬᠤ ᠂ ᠨᠢᠬᠦᠯ ᠢ ᠠᠷᠢᠯᠠᠭᠠᠨ ᠪᠤᠶᠠᠨ ᠬᠤᠷᠢᠶᠠᠬᠤ᠂ ᠪᠤᠷᠬᠠᠨ ᠦ ᠬᠤᠳᠤᠭ ᠢ ᠤᠯᠬᠤ ᠬᠡᠭᠦ ᠮᠡᠲᠤ ᠶᠢᠨ ᠤᠷᠢᠳᠴᠢᠯᠠᠭᠰᠠᠨ ᠦᠷᠳᠡᠭ ᠤᠨ ᠲᠦᠰᠦᠭᠯᠡᠯ ᠨᠢ ᠯᠠᠮᠠ ᠶᠢᠨ ᠲᠤᠭᠤᠷᠪᠢᠯ ᠤᠨ ᠤᠳᠬ᠎ᠠ ᠰᠠᠨᠠᠭ᠎ᠠ ᠶᠢᠨ ᠬᠠᠨᠳᠤᠯᠭ᠎ᠠ ᠶᠢ ᠰᠢ᠌ᠳᠪᠦᠷᠢᠯᠡᠭᠰᠡᠨ ᠪᠠᠢ᠌ᠳᠠᠭ᠃ ᠪᠤᠷᠬᠠᠨ ᠦ ᠱᠠᠰᠢᠨ ᠦ ᠬᠦᠴᠦᠲᠠᠢ ᠳᠡᠯᠭᠡᠷᠡᠯᠲᠡ ᠶᠢᠨ ᠦᠶ ᠡ ᠳᠤ ᠯᠠᠮᠠ ᠶᠢᠨ ᠲᠤᠭᠤᠷᠪᠢᠯ ᠨᠢ ᠦᠨᠳᠦᠰᠦᠨ ᠳᠤ ᠪᠡᠨ ᠠᠮᠢᠳᠠᠨ ᠵᠢᠷᠭᠤᠭᠠᠨ ᠵᠦᠢᠯ ᠢ ᠶᠢᠷᠳᠢᠨᠴᠦ ᠡᠴᠡ ᠲᠤᠨᠢᠯᠭᠠᠬᠤ ᠰᠣᠷᠭᠠᠯ ᠢ ᠤᠬᠠᠭᠤᠯᠵᠤ ᠪᠠᠢ᠌ᠭᠰᠠᠨ ᠶᠢᠨᠨ ᠪᠤᠷᠬᠠᠨ  ᠱᠠᠰᠢᠨ ᠦ ᠲᠤᠷᠤᠢ᠌ᠳᠡᠯ ᠢ ᠳᠠᠭᠠᠯᠳᠤᠨ ᠯᠠᠮᠠ ᠬᠤᠸᠠᠷᠠᠭ ᠤᠨ ᠢᠯᠵᠡᠷᠡᠯ ᠴᠠᠯᠭᠠᠢ᠌ᠷᠠᠯ ᠢ ᠰᠢᠭᠦᠮᠵᠢᠯᠡᠨ ᠱᠠᠰᠢᠨ ᠶᠢᠨᠨ ᠠᠪᠤᠷᠠᠬᠤ ᠦᠵᠡᠯ ᠰᠠᠨᠠᠭ᠎ᠠ ᠶᠢ ᠰᠤᠷᠳᠠᠯᠴᠢᠯᠠᠬᠤ ᠪᠤᠯᠪᠠ ᠃ ᠡᠨᠡ ᠪᠤᠯ ᠯᠠᠮᠠ ᠶᠢᠨ ᠲᠤᠭᠤᠷᠪᠢᠯ ᠤᠨ ᠱᠠᠰᠢᠨ ᠶᠢᠨᠨ ᠠᠷᠢᠭᠤᠳᠬᠠᠬᠤᠢ ᠰᠤᠷᠭᠠᠯ ᠪᠤᠯᠤᠨ᠎ᠠ᠃ 
Original Literature View Original Paper
出自 蒙古学研究 2007年 第3期

联系我们


内蒙古大学图书馆
呼和浩特市大学西路235号
中国·内蒙古
P: (0471) 4992561
E: huangfeilong@imu.edu.cn